1949 ᠣᠨ ᠤ 10 ᠰᠠᠷ᠎ᠠ ᠶᠢᠨ 1 ᠤ ᠡᠳᠦᠷ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ 1950 ᠣᠨ ᠤ 1 | ᠰᠠᠷ᠎ᠠ ᠳᠤ᠂ ᠶᠠᠭᠰᠢ ᠵᠡᠭᠡᠯᠢ ᠪᠠᠷ ᠰᠠᠭᠤᠷᠢ ᠪᠣᠯᠭᠠᠨ᠂ ᠰᠣᠯᠣᠨ ᠬᠤᠰᠢᠭᠤᠨ ᠤ ᠬᠠᠷᠢᠶᠠᠲᠤ ᠵᠠᠷᠮᠠᠳᠠᠢ ᠨᠤᠳᠤᠭ᠂ ᠮᠡᠨᠳᠤ ᠭᠤᠤᠯ ᠨᠤᠳᠤᠭ᠂ ᠪᠤᠳᠬ᠎ᠠ ᠬᠤᠰᠢᠭᠤᠨ ᠤ | ᠬᠠᠷᠢᠶᠠᠲᠤ ᠪᠤᠭᠳᠤ ᠨᠤᠳᠤᠭ ᠢ ᠬᠤᠪᠢᠶᠠᠷᠢᠯᠠᠨ ᠭᠠᠷᠭᠠᠵᠤ᠂ ᠰᠢᠭᠤᠶᠢᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠪᠠᠶᠢᠭᠤᠯᠵᠤ᠂ ᠬᠥᠯᠥᠨ ᠪᠤᠶᠢᠷ ᠤᠨ | ᠨᠤᠨ ᠮᠥᠷᠡᠨ ᠠᠶᠢᠮᠠᠭ ᠲᠤ ᠬᠠᠷᠢᠶᠠᠯᠠᠭᠤᠯᠪᠠ᠃ | 1953 ᠣᠨ ᠤ 4 ᠰᠠᠷ᠎ᠠ ᠳᠤ᠂ ᠰᠢᠭᠤᠶᠢᠳᠤ ᠬᠤᠰᠢᠭᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠡᠭᠦᠨ ᠣᠷᠣᠨ ᠤ ᠵᠠᠬᠢᠷᠭ᠎ᠠ ᠳᠤ | ᠬᠠᠷᠢᠶᠠᠯᠠᠭᠳᠠᠪᠠ᠃ | 1954 ᠣᠨ ᠤ 4 ᠰᠠᠷ᠎ᠠ ᠳᠤ᠂ ᠰᠢᠭᠤᠶᠢᠳᠤ ᠬᠤᠰᠢᠭᠤ ᠬᠥᠯᠥᠨ ᠪᠤᠶᠢᠷ ᠠᠶᠢᠮᠠᠭ ᠲᠤ ᠬᠠᠷᠢᠶᠠᠯᠠᠭᠳᠠᠪᠠ᠃ | 1955 ᠣᠨ ᠤ 1 ᠰᠠᠷ᠎ᠠ ᠳᠤ᠂ ᠰᠢᠭᠤᠶᠢᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠬᠤᠰᠢᠭᠤᠨ ᠤ ᠠᠷᠠᠳ ᠤᠨ ᠵᠥᠪᠯᠡᠯ ᠭᠡᠵᠦ ᠬᠠᠯᠠᠪᠠ᠃ | 1958 ᠣᠨ ᠤ 10 ᠰᠠᠷ᠎ᠠ ᠳᠤ᠂ ᠬᠤᠰᠢᠭᠤᠨ ᠤ ᠠᠷᠠᠳ ᠤᠨ ᠵᠥᠪᠯᠡᠯ ᠨᠢ ᠶᠡᠭᠡ ᠬᠢᠩᠭᠠᠨ ᠳᠠᠪᠠᠭ᠎ᠠ ᠶᠢᠨ ᠣᠶ ᠰᠢᠭᠤᠶ ᠶᠢᠨ ᠬᠠᠮᠢᠶᠠᠷᠤᠯᠲᠠ ᠶᠢᠨ | ᠲᠣᠪᠴᠢᠶ᠎ᠠ ᠲᠠᠢ ᠨᠡᠶᠢᠯᠡᠵᠦ᠂ ᠰᠢᠭᠤᠶᠢᠳᠤ ᠬᠤᠰᠢᠭᠤᠨ ᠤ ᠶᠡᠭᠡ ᠬᠢᠩᠭᠠᠨ ᠳᠠᠪᠠᠭ᠎ᠠ ᠶᠢᠨ ᠰᠢᠭᠤᠶᠢᠲᠤ ᠣᠷᠣᠨ ᠤ ᠠᠷᠠᠳ ᠤᠨ ᠵᠠᠰᠠᠭ ᠤᠨ ᠣᠷᠳᠣᠨ ᠭᠡᠵᠦ | ᠨᠡᠷᠡᠶᠢᠳᠪᠡ᠃ 1962 ᠣᠨ ᠤ 8 ᠰᠠᠷ᠎ᠠ ᠳᠤ᠂ ᠰᠢᠭᠤᠶᠢᠳᠤ ᠬᠤᠰᠢᠭᠤᠨ ᠤ ᠠᠷᠠᠳ ᠤᠨ ᠵᠥᠪᠯᠡᠯ ᠭᠡᠵᠦ ᠳᠠᠬᠢᠨ ᠨᠡᠷᠡᠶᠢᠳᠪᠡ᠃ | 1967 ᠣᠨ ᠤ 12 ᠰᠠᠷ᠎ᠠ ᠳᠤ᠂ ᠰᠢᠭᠤᠶᠢᠳᠤ ᠬᠤᠰᠢᠭᠤᠨ ᠤ ᠬᠤᠪᠢᠰᠬᠠᠯ ᠤᠨ ᠵᠥᠪᠯᠡᠯ ᠢ ᠪᠠᠶᠢᠭᠤᠯᠵᠤ᠂ ᠬᠥᠯᠥᠨ ᠪᠤᠶᠢᠷ ᠠᠶᠢᠮᠠᠭ ᠤᠨ ᠬᠤᠪᠢᠰᠬᠠᠯ ᠤᠨ | ᠵᠥᠪᠯᠡᠯ ᠳᠤ ᠬᠠᠷᠢᠶᠠᠯᠠᠭᠤᠯᠪᠠ᠃ | 1969 ᠣᠨ ᠤ 8 ᠰᠠᠷ᠎ᠠ ᠳᠤ᠂ ᠰᠢᠭᠤᠶᠢᠳᠤ ᠬᠤᠰᠢᠭᠤ ᠶᠢ ᠬᠥᠯᠥᠨ ᠪᠤᠶᠢᠷ ᠠᠶᠢᠮᠠᠭ ᠲᠠᠢ ᠬᠠᠮᠲᠤ ᠬᠠᠷᠠᠮᠥ᠋ᠷᠡᠨ ᠮᠤᠵᠢ ᠳᠤ ᠬᠤᠪᠢᠶᠠᠷᠢᠯᠠᠨ ᠣᠷᠣᠭᠤᠯᠪᠠ᠃ | 1979 ᠣᠨ ᠤ 7 ᠰᠠᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠬᠠᠷᠢᠶᠠᠯᠠᠭᠤᠯᠪᠠ᠃ | 1980 ᠣᠨ ᠤ 1 ᠰᠠᠷ᠎ᠠ ᠳᠤ᠂ ᠰᠢᠭᠤᠶᠢᠳᠤ ᠬᠤᠰᠢᠭᠤᠨ ᠤ ᠬᠤᠪᠢᠰᠬᠠᠯ ᠤᠨ ᠵᠥᠪᠯᠡᠯ ᠢ ᠬᠠᠰᠤᠵᠤ᠂ ᠰᠢᠭᠤᠶᠢᠳᠤ ᠬᠤᠰᠢᠭᠤᠨ ᠤ ᠠᠷᠠᠳ ᠤᠨ ᠵᠠᠰᠠᠭ ᠤᠨ | ᠣᠷᠳᠣᠨ ᠢ ᠪᠠᠶᠢᠭᠤᠯᠪᠠ᠃ 1983 ᠣᠨ ᠤ 10 ᠰᠠᠷ᠎ᠠ ᠶᠢᠨ 10 ᠤ ᠡᠳᠦᠷ᠂ ᠲᠥᠷᠥ ᠶᠢᠨ ᠶᠠᠪᠤᠳᠠᠯ ᠤᠨ ᠬᠤᠷᠢᠶᠠᠨ ᠤ ᠵᠥᠪᠰᠢᠶᠡᠷᠡᠯ ᠢᠶᠠᠷ ᠰᠢᠭᠤᠶᠢᠳᠤ | ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠬᠠᠰᠤᠵᠤ᠂ ᠶᠠᠭᠰᠢ ᠬᠤᠲᠠ ᠶᠢᠨ ᠠᠷᠠᠳ ᠤᠨ ᠵᠠᠰᠠᠭ ᠤᠨ ᠣᠷᠳᠣᠨ ᠢ ᠪᠠᠶᠢᠭᠤᠯᠵᠤ᠂ 1984 ᠣᠨ ᠤ 1 | ᠰᠠᠷ᠎ᠠ ᠶᠢᠨ 1 ᠤ ᠡᠳᠦᠷ ᠵᠢᠩᠬᠢᠨᠢ ᠪᠠᠷ ᠬᠤᠲᠠ ᠶᠢᠨ ᠪᠠᠶᠢᠭᠤᠯᠤᠮᠵᠢ ᠶᠢᠨ ᠳᠦᠷᠢᠮ ᠢ ᠬᠡᠷᠡᠭᠵᠢᠭᠦᠯᠪᠡ᠃ | 2000 ᠣᠨ ᠳᠤ ᠪᠦᠬᠦ ᠬᠤᠲᠠ ᠶᠢᠨ ᠶᠡᠷᠦᠩᠬᠡᠶ ᠲᠠᠯᠠᠪᠠᠶ ᠨᠢ 27540 ᠲᠡᠭᠰᠢ ᠳᠥᠷᠪᠡᠯᠵᠢᠨ ᠺᠢᠯᠣᠮᠧᠳ᠋ᠷ ᠪᠠᠶᠢᠪᠠ᠃ ᠶᠡᠷᠦᠩᠬᠡᠶ ᠬᠥᠮᠦᠨ ᠠᠮᠠ ᠨᠢ | 405403 ᠬᠥᠮᠦᠨ ᠪᠠᠶᠢᠨ᠎ᠠ᠂ ᠡᠭᠦᠨ ᠤ ᠳᠣᠲᠣᠷ᠎ᠠ ᠲᠠᠷᠢᠶᠠᠯᠠᠩ ᠤᠨ ᠬᠥᠮᠦᠨ ᠠᠮᠠ 15750 ᠬᠥᠮᠦᠨ᠂ ᠲᠠᠷᠢᠶᠠᠯᠠᠩ ᠤᠨ ᠪᠤᠰᠤ ᠬᠥᠮᠦᠨ ᠠᠮᠠ 386672 | ᠬᠥᠮᠦᠨ ᠪᠠᠶᠢᠨ᠎ᠠ︔ ᠴᠥᠭᠡᠨ ᠲᠣᠭᠠᠲᠤ ᠦᠨᠳᠦᠰᠦᠲᠡᠨ ᠤ ᠬᠥᠮᠦᠨ ᠠᠮᠠ 4005 ᠬᠥᠮᠦᠨ ᠪᠠᠶᠢᠨ᠎ᠠ᠂ ᠡᠭᠦᠨ ᠤ ᠳᠣᠲᠣᠷ᠎ᠠ ᠮᠣᠩᠭᠤᠯ ᠦᠨᠳᠦᠰᠦᠲᠡᠨ 17588 | ᠬᠥᠮᠦᠨ᠂ ᠬᠤᠲᠣᠩ ᠦᠨᠳᠦᠰᠦᠲᠡᠨ 6622 ᠬᠥᠮᠦᠨ᠂ ᠣᠷᠴᠣᠨ ᠦᠨᠳᠦᠰᠦᠲᠡᠨ 130 ᠬᠥᠮᠦᠨ᠂ ᠡᠸᠡᠩᠬᠢ ᠦᠨᠳᠦᠰᠦᠲᠡᠨ 425 ᠬᠥᠮᠦᠨ᠂ ᠪᠤᠰᠤᠳ | ᠴᠥᠭᠡᠨ ᠲᠣᠭᠠᠲᠤ ᠦᠨᠳᠦᠰᠦᠲᠡᠨ 15260 ᠬᠥᠮᠦᠨ ᠪᠠᠶᠢᠨ᠎ᠠ᠃ ᠡᠭᠦᠨ ᠳᠤ 15 ᠪᠠᠯᠭᠠᠰᠤ᠂ 6 ᠵᠡᠭᠡᠯᠢ ᠭᠤᠳᠤᠮᠵᠢ ᠪᠠᠭᠲᠠᠨ᠎ᠠ᠂ ᠲᠤᠬᠠᠶᠢᠯᠠᠪᠠᠯ ᠮᠦᠶᠦᠸᠠᠨ | ᠪᠠᠯᠭᠠᠰᠤ᠂ ᠮᠡᠨᠳᠦ ᠭᠤᠤᠯ ᠪᠠᠯᠭᠠᠰᠤ᠂ ᠤᠨᠢᠶᠠᠷ ᠪᠠᠯᠭᠠᠰᠤ᠂ ᠪᠤᠭᠳᠤ ᠪᠠᠯᠭᠠᠰᠤ᠂ ᠪᠠᠯᠢᠩ ᠪᠠᠯᠭᠠᠰᠤ᠂ ᠴᠤᠤᠶᠤᠸᠠᠨ ᠪᠠᠯᠭᠠᠰᠤ᠂ ᠲᠠᠷᠴᠢ ᠪᠠᠯᠭᠠᠰᠤ᠂ ᠮᠸᠡᠶᠢᠲ᠋ᠢᠶᠠᠨ | ᠪᠠᠯᠭᠠᠰᠤ᠂ ᠦᠷᠴᠢᠬᠠᠨ ᠪᠠᠯᠭᠠᠰᠤ᠂ ᠶᠤᠸᠠᠨᠯᠢᠨ ᠪᠠᠯᠭᠠᠰᠤ᠂ ᠬᠦᠳᠡᠷᠢ ᠪᠠᠯᠭᠠᠰᠤ᠂ ᠰᠢᠨ ᠵᠠᠩ ᠹᠠᠩ ᠪᠠᠯᠭᠠᠰᠤ᠂ ᠰᠢᠨᠢᠴᠢ ᠪᠠᠯᠭᠠᠰᠤ᠂ ᠲᠤᠯᠢ ᠭᠤᠣᠯ ᠪᠠᠯᠭᠠᠰᠤ᠂ | ᠶᠡᠭᠡ ᠲᠤᠯᠢ ᠭᠤᠣᠯ ᠪᠠᠯᠭᠠᠰᠤ᠂ ᠱᠧᠩᠯᠢ ᠵᠡᠭᠡᠯᠢ ᠭᠤᠳᠤᠮᠵᠢ᠂ ᠬᠤᠩᠴᠢ ᠵᠡᠭᠡᠯᠢ ᠭᠤᠳᠤᠮᠵᠢ᠂ ᠰᠢᠨᠬᠦ᠋ᠩ ᠵᠡᠭᠡᠯᠢ ᠭᠤᠳᠤᠮᠵᠢ᠂ ᠶᠦᠩᠰᠢᠩ ᠵᠡᠭᠡᠯᠢ ᠭᠤᠳᠤᠮᠵᠢ᠂ | ᠵᠢᠶᠠᠨᠱᠧ ᠵᠡᠭᠡᠯᠢ ᠭᠤᠳᠤᠮᠵᠢ᠂ ᠨᠤᠸᠠᠨᠴᠢᠤᠸᠠᠨ ᠵᠡᠭᠡᠯᠢ ᠭᠤᠳᠤᠮᠵᠢ ᠵᠡᠷᠭᠡ ᠪᠤᠯᠤᠨ᠎ᠠ᠃ | 2001 ᠣᠨ ᠤ 10 ᠰᠠᠷ᠎ᠠ ᠳᠤ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠬᠥᠯᠥᠨ ᠪᠤᠶᠢᠷ ᠠᠶᠢᠮᠠᠭ ᠢ ᠬᠠᠰᠤᠬᠤ ᠶᠢ ᠵᠥᠪᠰᠢᠶᠡᠷᠡᠵᠦ᠂ ᠲᠤᠰᠬᠠᠢ | ᠣᠷᠣᠨ ᠤ ᠲᠡᠰ ᠤᠨ ᠬᠥᠯᠥᠨ ᠪᠤᠶᠢᠷ ᠬᠤᠳᠠ ᠶᠢ ᠪᠠᠶᠢᠭᠤᠯᠵᠤ᠂ ᠶᠠᠭᠰᠢ ᠬᠤᠳᠠ ᠶᠢ ᠬᠥᠯᠥᠨ ᠪᠤᠶᠢᠷ ᠬᠤᠳᠠ ᠳᠤ ᠬᠠᠷᠢᠶᠠᠯᠠᠭᠤᠯᠪᠠ᠃ ᠰᠢᠨᠢᠴᠢ ᠪᠠᠯᠭᠠᠰᠤ᠂ ᠰᠢᠨ | ᠵᠠᠩ ᠹᠠᠩ ᠪᠠᠯᠭᠠᠰᠤ ᠶᠢ ᠬᠠᠰᠤᠵᠤ᠂ ᠲᠤᠯᠢ ᠭᠤᠣᠯ ᠪᠠᠯᠭᠠᠰᠤ ᠳᠤ ᠨᠡᠶᠢᠯᠡᠭᠦᠯᠦᠨ ᠤᠷᠤᠭᠤᠯᠪᠠ᠃ ᠶᠤᠸᠠᠨᠯᠢᠨ ᠪᠠᠯᠭᠠᠰᠤ ᠶᠢ ᠬᠠᠰᠤᠵᠤ᠂ ᠬᠦᠳᠡᠷᠢ ᠪᠠᠯᠭᠠᠰᠤᠨ ᠳᠤ | ᠨᠡᠶᠢᠯᠡᠭᠦᠯᠦᠨ ᠤᠷᠤᠭᠤᠯᠪᠠ᠃ ᠲᠣᠬᠢᠷᠠᠭᠤᠯᠤᠯᠲᠠ ᠬᠢᠭᠰᠡᠨ ᠤ ᠳᠠᠷᠠᠭ᠎ᠠ᠂ ᠪᠥᠬᠦ ᠬᠤᠲᠠ ᠳᠤ 6 ᠵᠡᠭᠡᠯᠢ ᠭᠤᠳᠤᠮᠵᠢ᠂ 12 ᠪᠠᠯᠭᠠᠰᠤ ᠲᠠᠢ ᠪᠤᠯᠵᠠᠢ᠂ ᠱᠧᠩᠯᠢ ᠵᠡᠭᠡᠯᠢ | ᠭᠤᠳᠤᠮᠵᠢ᠂ ᠬᠤᠩᠴᠢ ᠵᠡᠭᠡᠯᠢ ᠭᠤᠳᠤᠮᠵᠢ᠂ ᠰᠢᠨᠬᠦ᠋ᠩ ᠵᠡᠭᠡᠯᠢ ᠭᠤᠳᠤᠮᠵᠢ᠂ ᠶᠦᠩᠰᠢᠩ ᠵᠡᠭᠡᠯᠢ ᠭᠤᠳᠤᠮᠵᠢ᠂ ᠵᠢᠶᠠᠨᠱᠧ ᠵᠡᠭᠡᠯᠢ ᠭᠤᠳᠤᠮᠵᠢ᠂ ᠨᠤᠸᠠᠨᠴᠢᠤᠸᠠᠨ | ᠵᠡᠭᠡᠯᠢ ᠭᠤᠳᠤᠮᠵᠢ᠂ ᠮᠦᠶᠦᠸᠠᠨ ᠪᠠᠯᠭᠠᠰᠤ᠂ ᠮᠡᠨᠳᠤ ᠭᠤᠤᠯ ᠪᠠᠯᠭᠠᠰᠤ᠂ ᠤᠨᠢᠶᠠᠷ ᠪᠠᠯᠭᠠᠰᠤ᠂ ᠪᠤᠭᠳᠤ ᠪᠠᠯᠭᠠᠰᠤ᠂ ᠪᠠᠯᠢᠩ ᠪᠠᠯᠭᠠᠰᠤ᠂ ᠴᠤᠤᠶᠤᠸᠠᠨ ᠪᠠᠯᠭᠠᠰᠤ᠂ | ᠲᠠᠷᠴᠢ ᠪᠠᠯᠭᠠᠰᠤ᠂ ᠮᠸᠡᠶᠢᠲ᠋ᠢᠶᠠᠨ ᠪᠠᠯᠭᠠᠰᠤ᠂ ᠦᠷᠴᠢᠬᠠᠨ ᠪᠠᠯᠭᠠᠰᠤ᠂ ᠬᠦᠳᠡᠷᠢ ᠪᠠᠯᠭᠠᠰᠤ᠂ ᠲᠤᠯᠢ ᠭᠤᠤᠯ ᠪᠠᠯᠭᠠᠰᠤ᠂ ᠶᠡᠭᠡ ᠲᠤᠯᠢ ᠭᠤᠤᠯ ᠪᠠᠯᠭᠠᠰᠤ ᠪᠤᠯᠤᠨ᠎ᠠ᠃ | 2001 ᠣᠨ ᠤ ᠡᠴᠦᠰ ᠲᠤ᠂ ᠪᠦᠬᠦ ᠬᠤᠲᠠ ᠶᠢᠨ ᠪᠦᠬᠦ ᠬᠥᠮᠦᠨ ᠠᠮᠠ 404524 ᠬᠥᠮᠦᠨ ᠪᠠᠶᠢᠵᠤ᠂ ᠡᠭᠦᠨ ᠤ ᠳᠣᠲᠣᠷ᠎ᠠ ᠲᠠᠷᠢᠶᠠᠯᠠᠩ ᠤᠨ ᠬᠥᠮᠦᠨ ᠠᠮᠠ | 15441 ᠬᠥᠮᠦᠨ᠂ ᠲᠠᠷᠢᠶᠠᠯᠠᠩ ᠤᠨ ᠪᠤᠰᠤ ᠬᠥᠮᠦᠨ ᠠᠮᠠ 386697 ᠬᠥᠮᠦᠨ ᠪᠠᠶᠢᠪᠠ᠃ | 2006 ᠣᠨ ᠳᠤ ᠮᠦᠶᠦᠸᠠᠨ ᠪᠠᠯᠭᠠᠰᠤ ᠶᠢ ᠬᠠᠰᠤᠵᠤ᠂ ᠮᠦᠶᠦᠸᠠᠨ ᠪᠠᠯᠭᠠᠰᠤ ᠶᠢᠨ ᠤᠤᠯ ᠤᠨ ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ ᠣᠷᠣᠨ ᠤ | 288.8 ᠲᠡᠭᠰᠢ ᠳᠥᠷᠪᠡᠯᠵᠢᠨ ᠺᠢᠯᠣᠮᠧᠳ᠋ᠷ ᠪᠠ ᠮᠡᠨᠳᠦ ᠭᠤᠤᠯ ᠪᠠᠯᠭᠠᠰᠤ ᠶᠢᠨ ᠤᠤᠯ ᠤᠨ ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ ᠣᠷᠣᠨ ᠤ 33.8 ᠲᠡᠭᠰᠢ | ᠳᠥᠷᠪᠡᠯᠵᠢᠨ ᠺᠢᠯᠣᠮᠧᠳ᠋ᠷ ᠢ ᠨᠡᠶᠢᠯᠡᠭᠦᠯᠦᠭᠡᠳ ᠵᠢᠶᠠᠨᠱᠧ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠢ ᠪᠠᠶᠢᠭᠤᠯᠪᠠ︔ ᠤᠨᠢᠶᠠᠷ ᠪᠠᠯᠭᠠᠰᠤ ᠶᠢ ᠬᠠᠰᠤᠵᠤ᠂ | ᠲᠡᠭᠦᠨ ᠤ ᠤᠤᠯ ᠤᠨ ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ ᠣᠷᠣᠨ ᠤ ᠪᠦᠬᠦᠯᠢ ᠪᠠᠶᠢᠭᠤᠯᠤᠮᠵᠢ ᠶᠢᠨ ᠲᠦᠷᠢᠮ ᠪᠣᠯᠤᠨ ᠮᠦᠶᠦᠸᠠᠨ ᠪᠠᠯᠭᠠᠰᠤ ᠶᠢᠨ ᠤᠤᠯ ᠤᠨ | ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ ᠣᠷᠣᠨ ᠢ ᠮᠡᠨᠳᠦ ᠭᠤᠤᠯ ᠪᠠᠯᠭᠠᠰᠤ ᠳᠤ ᠨᠡᠶᠢᠯᠡᠭᠦᠯᠦᠨ ᠤᠷᠤᠭᠤᠯᠪᠠ︔ ᠲᠠᠷᠴᠢ ᠪᠠᠯᠭᠠᠰᠤ ᠶᠢ ᠬᠠᠰᠤᠵᠤ᠂ ᠲᠡᠭᠦᠨ ᠤ | ᠤᠤᠯ ᠤᠨ ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ ᠣᠷᠣᠨ ᠢ ᠪᠦᠬᠦᠯᠢ ᠪᠠᠷ ᠨᠢ ᠴᠤᠤᠶᠤᠸᠠᠨ ᠪᠠᠯᠭᠠᠰᠤ ᠲᠠᠢ ᠨᠡᠶᠢᠯᠡᠭᠦᠯᠪᠡ︔ ᠶᠡᠭᠡ ᠲᠤᠯᠢ ᠭᠤᠣᠯ ᠪᠠᠯᠭᠠᠰᠤ ᠶᠢ | ᠬᠠᠰᠤᠵᠤ᠂ ᠲᠡᠭᠦᠨ ᠤ ᠤᠤᠯ ᠤᠨ ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ ᠣᠷᠣᠨ ᠤ ᠪᠦᠬᠦᠯᠢ ᠪᠠᠶᠢᠭᠤᠯᠤᠮᠵᠢ ᠶᠢ ᠲᠤᠯᠢ ᠭᠤᠣᠯ ᠪᠠᠯᠭᠠᠰᠤ ᠳᠤ ᠨᠡᠶᠢᠯᠡᠭᠦᠯᠦᠨ | ᠤᠷᠤᠭᠤᠯᠪᠠ︔ ᠪᠠᠯᠢᠩ ᠪᠠᠯᠭᠠᠰᠤ ᠶᠢ ᠬᠠᠰᠤᠵᠤ᠂ ᠲᠡᠭᠦᠨ ᠤ ᠤᠤᠯ ᠤᠨ ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ ᠣᠷᠣᠨ ᠤ ᠪᠦᠬᠦᠯᠢ ᠪᠠᠶᠢᠭᠤᠯᠤᠮᠵᠢ ᠶᠢ | ᠪᠤᠭᠳᠤ ᠪᠠᠯᠭᠠᠰᠤ ᠳᠤ ᠨᠡᠶᠢᠯᠡᠭᠦᠯᠦᠨ ᠤᠷᠤᠭᠤᠯᠪᠠ︔ ᠮᠸᠡᠶᠢᠲ᠋ᠢᠶᠠᠨ ᠪᠠᠯᠭᠠᠰᠤ ᠶᠢ ᠬᠠᠰᠤᠵᠤ᠂ ᠲᠡᠭᠦᠨ ᠤ ᠤᠤᠯ ᠤᠨ ᠬᠠᠮᠢᠶᠠᠷᠴᠤ ᠪᠠᠶᠢᠭᠰᠠᠨ ᠵᠠᠰᠠᠭ ᠵᠠᠬᠢᠷᠭᠠᠨ ᠤ | ᠣᠷᠣᠨ ᠤ ᠪᠦᠬᠦᠯᠢ ᠪᠠᠶᠢᠭᠤᠯᠤᠮᠵᠢ ᠪᠠ ᠮᠦᠶᠦᠸᠠᠨ ᠪᠠᠯᠭᠠᠰᠤᠨ ᠤ 1814.9 ᠲᠡᠭᠰᠢ ᠳᠥᠷᠪᠡᠯᠵᠢᠨ ᠺᠢᠯᠣᠮᠧᠳ᠋ᠷ ᠢ ᠦᠷᠴᠢᠬᠠᠨ ᠪᠠᠯᠭᠠᠰᠤᠨ ᠳᠤ ᠨᠡᠶᠢᠯᠡᠭᠦᠯᠦᠨ | ᠣᠷᠣᠭᠤᠯᠵᠠᠶ᠃ | 2011 ᠣᠨ ᠳᠤ᠂ ᠤᠨᠢᠶᠠᠷ ᠪᠠᠯᠭᠠᠰᠤ᠂ ᠲᠠᠷᠴᠢ ᠪᠠᠯᠭᠠᠰᠤ᠂ ᠶᠡᠭᠡ ᠲᠤᠯᠢ ᠭᠤᠤᠯ ᠪᠠᠯᠭᠠᠰᠤ ᠶᠢ ᠰᠡᠷᠭᠦᠭᠡᠪᠡ᠃ | 2016 ᠣᠨ ᠤ 4 ᠰᠠᠷ᠎ᠠ ᠳᠤ᠂ ᠳ᠋ᠦᠩᠰᠢᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠢ ᠬᠠᠰᠤᠵᠤ᠂ ᠮᠦᠶᠦᠸᠠᠨ ᠪᠠᠯᠭᠠᠰᠤ ᠶᠢ ᠪᠠᠶᠢᠭᠤᠯᠪᠠ᠃ | 2017 ᠣᠨ ᠳᠤ ᠪᠠᠯᠢᠩ ᠠᠷᠠᠳ ᠲᠤ ᠲᠥᠬᠦᠮ ᠦᠵᠡᠭᠦᠯᠬᠦ ᠦᠢᠯᠡᠴᠢᠯᠡᠭᠡᠨ ᠤ ᠲᠥᠪ᠂ ᠮᠸᠡᠶᠢᠲ᠋ᠢᠶᠠᠨ ᠠᠷᠠᠳ ᠲᠤ ᠲᠥᠬᠦᠮ ᠦᠵᠡᠭᠦᠯᠬᠦ ᠦᠢᠯᠡᠴᠢᠯᠡᠭᠡᠨ ᠤ | ᠲᠦᠪ ᠢ ᠬᠠᠰᠤᠪᠠ᠃ ᠲᠣᠬᠢᠷᠠᠭᠤᠯᠤᠯᠲᠠ ᠬᠢᠭᠰᠡᠨ ᠤ ᠳᠠᠷᠠᠭ᠎ᠠ᠂ ᠪᠥᠬᠦ ᠬᠤᠲᠠ ᠳᠤ 6 ᠵᠡᠭᠡᠯᠢ ᠭᠤᠳᠤᠮᠵᠢ᠂ 10 ᠪᠠᠯᠭᠠᠰᠤ ᠲᠠᠢ ᠪᠤᠯᠵᠠᠢ᠂ ᠲᠠᠷᠤᠢ ᠱᠧᠩᠯᠢ ᠵᠡᠭᠡᠯᠢ | ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠬᠤᠩᠴᠢ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠰᠢᠨᠬᠦ᠋ᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ | ᠂ ᠶᠦᠩᠰᠢᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠵᠢᠶᠠᠨᠱᠧ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠨᠤᠸᠠᠨᠴᠢᠤᠸᠠᠨ ᠵᠡᠭᠡᠯᠢ ᠭᠤᠳᠤᠮᠵᠢ | ᠶᠢᠨ ᠬᠡᠷᠡᠭ ᠡᠷᠬᠢᠯᠡᠬᠦ ᠭᠠᠵᠠᠷ᠂ ᠮᠦᠶᠦᠸᠠᠨ ᠪᠠᠯᠭᠠᠰᠤ᠂ ᠮᠡᠨᠳᠦ ᠭᠤᠤᠯ ᠪᠠᠯᠭᠠᠰᠤ᠂ ᠤᠨᠢᠶᠠᠷ ᠪᠠᠯᠭᠠᠰᠤ᠂ ᠪᠤᠭᠳᠤ ᠪᠠᠯᠭᠠᠰᠤ᠂ ᠴᠤᠤ ᠾᠧ ᠶᠤᠸᠠᠨ ᠪᠠᠯᠭᠠᠰᠤ᠂ | ᠲᠠᠷᠴᠢ ᠪᠠᠯᠭᠠᠰᠤ᠂ ᠦᠷᠴᠢᠬᠠᠨ ᠪᠠᠯᠭᠠᠰᠤ᠂ ᠬᠦᠳᠡᠷᠢ ᠪᠠᠯᠭᠠᠰᠤ᠂ ᠲᠤᠯᠢ ᠭᠤᠤᠯ ᠪᠠᠯᠭᠠᠰᠤ᠂ ᠶᠡᠭᠡ ᠲᠤᠯᠢ ᠭᠤᠤᠯ ᠪᠠᠯᠭᠠᠰᠤ ᠪᠤᠯᠤᠨ᠎ᠠ᠃ | |