ᠶᠠᠭᠰᠢ ᠬᠤᠲᠠ ᠶᠢᠨ ᠪᠠᠶᠢᠭᠠᠯᠢ ᠶᠢᠨ ᠭᠠᠵᠠᠷ ᠵᠦᠢ
ᠨᠡᠶᠢᠲᠡᠯᠡᠭᠰᠡᠨ ᠴᠠᠭ᠄
2024/12/23
    ᠪᠠᠶᠢᠷᠢᠰᠢᠯ ᠬᠦᠷᠢᠶ᠎ᠡ ᠬᠡᠪᠴᠢᠶ᠎ᠡ    ᠶᠠᠭᠰᠢ ᠬᠤᠲᠠ ᠪᠣᠯ ᠬᠥᠯᠥᠨ ᠪᠤᠶᠢᠷ ᠤᠨ ᠬᠠᠷᠢᠶᠠᠨ ᠳᠠᠬᠢ ᠰᠢᠶᠠᠨ ᠤ ᠲᠠᠰ ᠤᠨ ᠬᠤᠲᠠ ᠪᠤᠯᠤᠨ᠎ᠠ᠂ ᠬᠥᠯᠥᠨ ᠪᠤᠶᠢᠷ ᠬᠤᠲᠠ ᠶᠢᠨ ᠳᠤᠮᠳᠠ ᠬᠡᠰᠡᠭ᠂ ᠶᠡᠭᠡ ᠬᠢᠩᠭᠠᠨ ᠳᠠᠪᠠᠭ᠎ᠠ ᠶᠢᠨ ᠳᠤᠮᠳᠠ ᠬᠢᠷ᠎ᠠ ᠶᠢᠨ ᠳᠤᠮᠳᠠ ᠬᠡᠰᠡᠭ ᠤᠨ ᠪᠠᠷᠠᠭᠤᠨ ᠬᠥᠲᠥᠯ ᠳᠤ ᠪᠠᠶᠢᠷᠢᠯᠠᠳᠠᠭ᠃ ᠬᠤᠲᠠ ᠶᠢᠨ ᠬᠡᠪᠴᠢᠶ᠎ᠡ ᠨᠢ ᠶᠡᠭᠡ ᠬᠢᠩᠭᠠᠨ ᠳᠠᠪᠠᠭ᠎ᠠ ᠶᠢᠨ ᠭᠤᠣᠯ ᠨᠢᠷᠤᠭᠤ ᠶᠢ ᠳᠠᠭᠠᠵᠤ ᠡᠮᠦᠨᠡᠰᠢ ᠤᠮᠠᠷᠠᠰᠢ ᠲᠠᠷᠬᠠᠵᠤ᠂ ᠵᠡᠭᠦᠨᠰᠢ ᠨᠤᠨ ᠮᠥᠷᠡᠨ ᠤ ᠰᠠᠪᠠ ᠭᠠᠵᠠᠷ ᠲᠠᠢ ᠵᠠᠯᠭᠠᠯᠳᠤᠵᠤ᠂ ᠠᠷᠤᠨ ᠬᠤᠰᠢᠭᠤ᠂ ᠣᠷᠴᠣᠨ ᠤ ᠥᠪᠡᠷᠲᠡᠭᠡᠨ ᠵᠠᠰᠠᠬᠤ ᠬᠤᠰᠢᠭᠤ ᠲᠠᠢ ᠵᠠᠬ᠎ᠠ ᠨᠡᠶᠢᠯᠡᠵᠦ᠂ ᠡᠮᠦᠨ᠎ᠡ ᠲᠠᠯ᠎ᠠ ᠪᠠᠷ ᠢᠶᠠᠨ ᠵᠠᠯᠠᠨ ᠠᠶᠢᠯ ᠬᠤᠲᠠ ᠲᠠᠢ ᠵᠠᠯᠭᠠᠯᠳᠤᠵᠤ᠂ ᠪᠠᠷᠠᠭᠤᠨ ᠲᠠᠯ᠎ᠠ ᠪᠠᠷ ᠢᠶᠠᠨ ᠡᠷᠭᠦᠨ᠎ᠡ ᠬᠤᠲᠠ᠂ ᠬᠠᠭᠤᠴᠢᠨ ᠪᠠᠷᠭᠤ ᠬᠤᠰᠢᠭᠤ᠂ ᠡᠸᠡᠩᠬᠢ ᠦᠨᠳᠦᠰᠦᠲᠡᠨ ᠤ ᠥᠪᠡᠷᠲᠡᠭᠡᠨ ᠵᠠᠰᠠᠬᠤ ᠬᠤᠰᠢᠭᠤ ᠲᠠᠢ ᠬᠥᠷᠰᠢᠯᠡᠵᠦ᠂ ᠬᠤᠶᠢᠲᠤ ᠲᠠᠯ᠎ᠠ ᠪᠠᠷ ᠢᠶᠠᠨ ᠭᠡᠭᠡᠨ ᠭᠤᠣᠯ ᠬᠤᠲᠠ ᠲᠠᠢ ᠵᠠᠯᠭᠠᠯᠳᠤᠵᠤ ᠪᠠᠶᠢᠨ᠎ᠠ᠃ ᠡᠮᠦᠨᠡᠰᠢ ᠤᠮᠠᠷᠠᠰᠢ ᠶᠢᠨ ᠣᠷᠳᠣ ᠨᠢ 352 ᠺᠢᠯᠣᠮᠧᠳ᠋ᠷ᠂ ᠵᠡᠭᠦᠨᠰᠢ ᠪᠠᠷᠠᠭᠤᠨᠰᠢ ᠶᠢᠨ ᠥᠷᠭᠡᠨ ᠨᠢ 147 ᠺᠢᠯᠣᠮᠧᠳ᠋ᠷ ᠂ ᠶᠡᠷᠦᠩᠬᠡᠶ ᠲᠠᠯᠠᠪᠠᠶ ᠨᠢ 27590 ᠲᠡᠭᠰᠢ ᠳᠥᠷᠪᠡᠯᠵᠢᠨ ᠺᠢᠯᠣᠮᠧᠳ᠋ᠷ ᠪᠣᠯᠤᠨ᠎ᠠ᠃ ᠬᠥᠯᠥᠨ ᠪᠤᠶᠢᠷ ᠬᠤᠲᠠ ᠶᠢᠨ ᠶᠡᠷᠦᠩᠬᠡᠶ ᠲᠠᠯᠠᠪᠠᠶ ᠶᠢᠨ 10.91% ᠶᠢ ᠡᠵᠡᠯᠡᠨ᠎ᠡ᠃ ᠡᠭᠦᠨ ᠳᠤ ᠰᠢᠭᠤᠶᠢᠳᠤ ᠭᠠᠵᠠᠷ ᠤᠨ ᠲᠠᠯᠠᠪᠠᠶ 201.7 ᠲᠦᠮᠡᠨ ᠾᠧᠺᠲ᠋ᠠᠷ᠂ ᠤᠰᠤᠨ ᠣᠷᠣᠨ ᠤ ᠲᠠᠯᠠᠪᠠᠶ 720 ᠲᠡᠭᠰᠢ ᠳᠥᠷᠪᠡᠯᠵᠢᠨ ᠺᠢᠯᠣᠮᠧᠳ᠋ᠷ᠂ ᠪᠡᠯᠴᠢᠭᠡᠷ ᠤᠨ ᠲᠠᠯᠠᠪᠠᠶ 20.49 ᠲᠦᠮᠡᠨ ᠾᠧᠺᠲ᠋ᠠᠷ᠂ ᠲᠠᠷᠢᠶᠠᠨ ᠭᠠᠵᠠᠷ ᠤᠨ ᠲᠠᠯᠠᠪᠠᠶ 237 ᠲᠦᠮᠡᠨ ᠮᠥ ᠪᠠᠶᠢᠨ᠎ᠠ᠃    ᠭᠧᠣᠯᠣᠭᠢ ᠶᠢᠨ ᠭᠠᠵᠠᠷ ᠤᠨ ᠲᠥᠷᠬᠦ    ᠶᠠᠭᠰᠢ ᠬᠤᠲᠠ ᠶᠢᠨ ᠣᠷᠣᠰᠢᠵᠤ ᠪᠠᠶᠢᠭ᠎ᠠ ᠶᠡᠭᠡ ᠭᠠᠵᠠᠷ ᠤᠨ ᠲᠣᠭᠲᠠᠴᠠ ᠶᠢᠨ ᠪᠠᠶᠢᠷᠢ ᠨᠢ ᠰᠢᠨ᠎ᠡ ᠬᠤᠸᠠᠰᠢᠶᠠ ᠠᠶᠢᠮᠠᠭ ᠤᠨ ᠶᠡᠭᠡ ᠬᠢᠩᠭᠠᠨ ᠳᠠᠪᠠᠭ᠎ᠠ ᠶᠢᠨ ᠭᠦᠳᠦ᠋ᠢᠭᠰᠡᠨ ᠬᠤᠶᠢᠲᠤ ᠬᠡᠰᠡᠭ ᠤᠨ ᠡᠮᠦᠨ᠎ᠡ ᠵᠠᠬ᠎ᠠ᠂ ᠭᠤᠷᠪᠠᠳᠤᠭᠠᠷ ᠰᠠᠭᠤᠭᠳᠠᠭᠰᠠᠨ ᠪᠦᠰᠡ ᠶᠢᠨ ᠬᠠᠶᠢᠯᠠᠷ ᠤᠨ ᠬᠤᠭᠤᠷᠬᠠᠶ ᠠᠲᠤᠷᠢᠶᠠᠲᠤ ᠪᠦᠰᠡ ᠪᠠ ᠭᠡᠭᠡᠨ ᠭᠤᠣᠯ ᠤᠨ ᠬᠤᠲᠦ᠋ᠢᠭ᠌ᠰᠠᠨ ᠪᠦᠰᠡ ᠶᠢᠨ ᠵᠠᠬ᠎ᠠ ᠨᠡᠶᠢᠯᠡᠭᠰᠡᠨ ᠬᠡᠰᠡᠭ ᠲᠤ ᠬᠠᠷᠢᠶᠠᠯᠠᠭᠳᠠᠨ᠎ᠠ᠃ ᠬᠤᠲᠠ ᠶᠢᠨ ᠬᠡᠪᠴᠢᠶ᠎ᠡ ᠨᠢ ᠳᠤᠮᠳᠠ ᠠᠭᠤᠯᠠᠷᠬᠠᠭ ᠣᠷᠣᠨ ᠳᠤ ᠬᠠᠷᠢᠶᠠᠯᠠᠭᠳᠠᠵᠤ᠂ ᠠᠭᠤᠯᠠᠨ ᠣᠷᠭᠢᠯ ᠨᠢ ᠳᠠᠯᠠᠶ ᠶᠢᠨ ᠲᠦᠪᠰᠢᠨ ᠠᠴᠠ 900 -1300 ᠮᠧᠳ᠋ᠷ ᠡᠷᠭᠦᠭᠳᠡᠭᠰᠡᠨ ᠪᠠᠶᠢᠨ᠎ᠠ᠃ ᠭᠠᠵᠠᠷ ᠤᠨ ᠪᠠᠶᠢᠴᠠ ᠨᠢ ᠡᠮᠤᠨ᠎ᠡ ᠤᠮᠠᠷ᠎ᠠ ᠥᠨᠳᠥᠷ ᠳᠤᠮᠳᠠ ᠪᠠᠨ ᠳᠣᠣᠷ᠎ᠠ ᠪᠠᠶᠢᠵᠤ᠂ ᠶᠡᠭᠡ ᠬᠢᠩᠭᠠᠨ ᠳᠠᠪᠠᠭ᠎ᠠ ᠶᠢᠨ ᠠᠭᠤᠯᠠ ᠨᠢᠷᠤᠭᠤ ᠨᠢ ᠬᠤᠲᠠ ᠶᠢᠨ ᠬᠡᠪᠴᠢᠶᠡᠨ ᠤ ᠳᠤᠮᠳᠠ ᠠᠴᠠ ᠤᠮᠠᠷᠠᠰᠢ ᠤᠮᠠᠷᠠᠰᠢ ᠵᠡᠭᠦᠨᠰᠢ ᠴᠢᠭᠯᠡᠯ ᠢᠶᠠᠷ ᠥᠩᠭᠡᠷᠡᠵᠦ᠂ ᠨᠤᠨ ᠮᠥᠷᠡᠨ ᠤ ᠤᠰᠤᠨ ᠰᠢᠰᠲ᠋ᠧᠮ ᠪᠠ ᠡᠷᠭᠦᠨ᠎ᠡ ᠭᠤᠣᠯ ᠤᠨ ᠪᠠᠶᠢᠭᠠᠯᠢ ᠶᠢᠨ ᠤᠰᠤᠨ ᠬᠠᠭᠠᠯᠪᠤᠷᠢ ᠨᠢᠷᠤᠭᠤ ᠪᠣᠯᠤᠨ᠎ᠠ᠃    ᠠᠭᠤᠷ ᠠᠮᠢᠰᠬᠤᠯ ᠤᠨ ᠣᠨᠴᠠᠯᠢᠭ    ᠶᠠᠭᠰᠢ ᠬᠤᠲᠠ ᠨᠢ ᠳᠠᠯᠠᠶ ᠲᠠᠩᠭᠢᠰ ᠠᠴᠠ ᠬᠤᠯᠠ ᠪᠠᠶᠢᠵᠤ᠂ ᠶᠡᠬᠡᠩᠬᠢ ᠬᠡᠰᠡᠭ ᠭᠠᠵᠠᠷ ᠣᠷᠣᠨ ᠨᠢ ᠬᠦᠢᠲᠡᠨ ᠰᠡᠷᠢᠭᠦᠨ ᠪᠦᠰᠡ ᠶᠢᠨ ᠡᠬᠡ ᠭᠠᠵᠠᠷ ᠤᠨ ᠴᠢᠨᠠᠷᠲᠠᠶ ᠤᠯᠠᠷᠢᠯ ᠤᠨ ᠰᠠᠯᠬᠢᠨ ᠤ ᠠᠭᠤᠷ ᠠᠮᠢᠰᠬᠤᠯ ᠳᠤ ᠬᠠᠷᠢᠶᠠᠯᠠᠭᠳᠠᠵᠤ᠂ ᠤᠮᠠᠷᠠᠲᠤ ᠬᠡᠰᠡᠭ ᠤᠨ ᠲᠤᠯᠢ ᠭᠤᠣᠯ ᠪᠠᠯᠭᠠᠰᠤ᠂ ᠶᠡᠭᠡ ᠲᠤᠯᠢ ᠭᠤᠣᠯ ᠪᠠᠯᠭᠠᠰᠤ ᠨᠢ ᠳᠡᠳ᠋ ᠬᠦᠢᠲᠡᠨ ᠪᠦᠰᠡ ᠶᠢᠨ ᠣᠷᠣᠨ ᠳᠤ ᠬᠠᠷᠢᠶᠠᠯᠠᠭᠳᠠᠨ᠎ᠠ᠃ ᠶᠠᠭᠰᠢ ᠬᠤᠲᠠ ᠶᠢᠨ ᠳᠤᠮᠳᠠᠴᠢ ᠠᠭᠠᠷ ᠤᠨ ᠳᠤᠯᠠᠭᠠᠨ ᠨᠢ -4.0℃- 0.1℃ ᠪᠠᠶᠢᠵᠤ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ᠂ ᠵᠢᠯ ᠤᠨ ᠳᠤᠮᠳᠠᠴᠢ ᠨᠡᠷᠡᠨ ᠤ ᠲᠤᠰᠤᠯᠲᠠ ᠶᠢᠨ ᠴᠠᠭ ᠤᠨ ᠲᠤᠭ᠎ᠠ ᠨᠢ 2378-2720 ᠴᠠᠭ ᠪᠣᠯᠤᠨ᠎ᠠ᠃ ᠶᠠᠭᠰᠢ ᠬᠤᠲᠠ ᠶᠢᠨ ᠬᠠᠪᠤᠷ ᠤᠨ ᠤᠯᠠᠷᠢᠯ ᠤᠨ ᠠᠭᠠᠷ ᠤᠨ ᠳᠤᠯᠠᠭᠠᠨ ᠤ ᠳᠡᠭᠡᠭᠰᠢᠯᠡᠬᠦ ᠨᠢ ᠲᠦᠷᠭᠡᠨ᠂ ᠭᠠᠩ ᠬᠠᠭᠤᠷᠠᠶ ᠰᠠᠯᠬᠢ ᠶᠡᠬᠡᠲᠡᠶ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ ᠪᠠᠶᠢᠳᠠᠭ︔ ᠵᠤᠨ ᠤ ᠤᠯᠠᠷᠢᠯ ᠳᠤ ᠰᠡᠷᠢᠭᠦᠨ ᠮᠥᠷᠲᠡᠭᠡᠨ ᠣᠬᠤᠷ᠂ ᠬᠤᠷ᠎ᠠ ᠲᠤᠨᠳᠠᠰᠤ ᠲᠥᠪᠯᠡᠷᠡᠨ᠎ᠡ︔  ᠨᠠᠮᠤᠷ ᠤᠨ ᠤᠯᠠᠷᠢᠯ ᠳᠤ ᠳᠤᠯᠠᠭᠠᠨ ᠤ ᠬᠡᠮᠵᠢᠶ᠎ᠡ ᠲᠦᠷᠭᠡᠨ ᠪᠠᠭᠤᠷᠠᠵᠤ᠂ ᠬᠢᠷᠠᠭᠤ ᠤᠨᠠᠬᠤ ᠨᠢ ᠨᠡᠯᠢᠶᠡᠳ ᠡᠷᠲᠡ ᠪᠠᠶᠢᠳᠠᠭ︔  ᠡᠪᠦᠯ ᠤᠨ ᠤᠯᠠᠷᠢᠯ ᠳᠤ ᠣᠷᠳᠣ ᠪᠥᠭᠡᠳ ᠬᠠᠬᠢᠷ ᠬᠦᠢᠳᠡᠨ ᠪᠠᠶᠢᠵᠤ᠂ ᠤᠮᠠᠷᠠᠲᠤ ᠬᠡᠰᠡᠭ ᠤᠨ ᠲᠦᠢᠯ ᠤᠨ ᠳᠣᠤᠷ᠎ᠠ ᠠᠭᠠᠷ ᠤᠨ ᠳᠤᠯᠠᠭᠠᠨ ᠨᠢ -46.5℃ ᠪᠠᠶᠢᠳᠠᠭ᠃ ᠶᠠᠭᠰᠢ ᠬᠤᠲᠠ ᠶᠢᠨ ᠵᠢᠯ ᠤᠨ ᠲᠤᠨᠳᠠᠰᠤᠨ ᠤ ᠬᠡᠮᠵᠢᠶ᠎ᠡ ᠨᠢ ᠡᠪᠦᠯ ᠤᠨ ᠤᠯᠠᠷᠢᠯ ᠪᠠ ᠵᠤᠨ ᠨᠠᠮᠤᠷ ᠤᠨ ᠤᠯᠠᠷᠢᠯ ᠤᠨ ᠪᠣᠷᠣᠭᠠᠨ ᠤ ᠤᠰᠤ ᠬᠤᠶᠠᠷ ᠬᠡᠰᠡᠭ ᠠᠴᠠ ᠪᠦᠷᠢᠯᠳᠦᠵᠦ᠂ ᠳᠤᠮᠳᠠᠴᠢ ᠲᠤᠨᠳᠠᠰᠤᠨ ᠤ ᠬᠡᠮᠵᠢᠶ᠎ᠡ ᠨᠢ 388.7 -  477.9 ᠮᠢᠯᠢᠮᠧᠳ᠋ᠷ ᠪᠠᠶᠢᠳᠠᠭ᠃ ᠭᠠᠵᠠᠷ ᠣᠷᠣᠨ ᠤ ᠬᠠᠪᠤᠷ ᠨᠠᠮᠤᠷ ᠤᠨ ᠤᠯᠠᠷᠢᠯ ᠳᠤ ᠣᠯᠠᠩᠬᠢ ᠳᠠᠭᠠᠨ ᠪᠠᠷᠠᠭᠤᠨ ᠤ ᠰᠠᠯᠬᠢ᠂ ᠵᠤᠨ ᠤ ᠤᠯᠠᠷᠢᠯ ᠳᠤ ᠵᠡᠭᠦᠨ ᠤ ᠰᠠᠯᠬᠢ᠂ ᠡᠪᠦᠯ ᠤᠨ ᠤᠯᠠᠷᠢᠯ ᠳᠤ ᠣᠯᠠᠩᠬᠢ ᠳᠠᠭᠠᠨ ᠪᠠᠷᠠᠭᠤᠨ ᠡᠮᠦᠨᠡᠲᠦ ᠪᠠᠷᠠᠭᠤᠨ ᠤ ᠰᠠᠯᠬᠢ᠃ ᠠᠩᠬᠠᠨ ᠤ ᠬᠢᠷᠠᠭᠤ ᠨᠢ ᠶᠡᠷᠦ ᠳᠡᠭᠡᠨ 9 ᠰᠠᠷ᠎ᠠ ᠶᠢᠨ ᠡᠬᠢ ᠪᠠᠷ᠂ ᠦᠷᠭᠦᠯᠵᠢ ᠬᠦᠢᠳᠡᠨ ᠠᠭᠠᠷ ᠥᠩᠭᠡᠷᠡᠭᠰᠡᠨ ᠤ ᠳᠠᠷᠠᠭ᠎ᠠ ᠥᠷᠯᠥᠭᠡ ᠡᠷᠲᠡ ᠢᠯᠡᠷᠡᠵᠦ᠂ ᠡᠴᠦᠰ ᠤᠨ ᠬᠢᠷᠠᠭᠤ ᠨᠢ ᠶᠡᠷᠦ ᠳᠡᠭᠡᠨ 6 ᠰᠠᠷ᠎ᠠ ᠶᠢᠨ ᠡᠬᠢ ᠪᠠᠷ ᠢᠯᠡᠷᠡᠳᠡᠭ᠃    ᠤᠰᠤᠨ ᠵᠦᠢ ᠶᠢᠨ ᠲᠣᠪᠴᠢ ᠲᠠᠨᠢᠯᠴᠠᠭᠤᠯᠭ᠎ᠠ    ᠶᠠᠭᠰᠢ ᠬᠤᠲᠠ ᠶᠢᠨ ᠬᠢᠯᠢ ᠳᠣᠲᠣᠷ᠎ᠠ ᠨᠤᠨ ᠮᠥᠷᠡᠨ ᠪᠠ ᠡᠷᠭᠦᠨ᠎ᠡ ᠭᠤᠣᠯ ᠭᠡᠬᠦ ᠬᠤᠶᠠᠷ ᠶᠡᠭᠡ ᠤᠰᠤᠨ ᠰᠢᠰᠲ᠋ᠧᠮ ᠪᠠᠶᠢᠵᠤ᠂ ᠤᠰᠤᠨ ᠣᠷᠣᠨ ᠤ ᠲᠠᠯᠠᠪᠠᠶ ᠨᠢ 720 ᠲᠡᠭᠰᠢ ᠳᠥᠷᠪᠡᠯᠵᠢᠨ ᠺᠢᠯᠣᠮᠧᠳ᠋ᠷ ᠪᠣᠯᠤᠨ᠎ᠠ᠃ ᠪᠤᠭᠳᠤ ᠪᠠᠯᠭᠠᠰᠤ ᠠᠴᠠ ᠤᠮᠠᠷᠠᠰᠢᠬᠢ ᠶᠡᠭᠡ ᠬᠢᠩᠭᠠᠨ ᠳᠠᠪᠠᠭ᠎ᠠ ᠶᠢᠨ ᠵᠡᠭᠦᠨ ᠲᠠᠯ᠎ᠠ ᠳᠤ ᠶᠠᠯᠦ ᠭᠤᠤᠯ᠂ ᠴᠤᠤᠯ ᠭᠤᠤᠯ ᠵᠡᠷᠭᠡ ᠶᠡᠭᠡ ᠭᠤᠤᠯ 26 ᠪᠠᠶᠢᠵᠤ᠂ ᠪᠤᠭᠳᠤ ᠪᠠᠯᠭᠠᠰᠤ ᠠᠴᠠ ᠤᠮᠠᠷᠠᠰᠢᠬᠢ ᠪᠠᠷᠠᠭᠤᠨ ᠲᠠᠯ᠎ᠠ ᠳᠤ ᠬᠠᠶᠢᠯᠠᠷ ᠭᠤᠤᠯ᠂ ᠬᠡᠭᠡᠨ ᠭᠤᠤᠯ ᠵᠡᠷᠭᠡ ᠶᠡᠭᠡ ᠭᠤᠤᠯ 67 ᠪᠣᠶ᠃ ᠡᠷᠭᠦᠨ᠎ᠡ ᠮᠥᠷᠡᠨ ᠤ ᠰᠠᠪᠠ ᠭᠠᠵᠠᠷ ᠲᠤ ᠬᠠᠷᠢᠶᠠᠯᠠᠭᠳᠠᠬᠤ ᠭᠤᠣᠯ ᠪᠣᠯᠬᠤ ᠭᠤᠣᠯ ᠮᠥᠷᠡᠨ ᠭᠡᠪᠡᠯ ᠲᠤᠯᠢ ᠭᠤᠣᠯ᠂ ᠶᠡᠭᠡ ᠲᠤᠯᠢ ᠭᠤᠣᠯ᠂ ᠬᠦᠳᠡᠷᠢ ᠭᠤᠣᠯ᠂ ᠭᠠᠯᠠᠭᠤᠳᠤ ᠭᠤᠣᠯ᠂ ᠬᠠᠶᠢᠯᠠᠷ ᠭᠤᠣᠯ ᠪᠣᠯᠤᠨ᠎ᠠ᠃ ᠨᠤᠨ ᠮᠥᠷᠡᠨ ᠤ ᠰᠠᠪᠠ ᠭᠠᠵᠠᠷ ᠲᠤ ᠬᠠᠷᠢᠶᠠᠯᠠᠭᠳᠠᠬᠤ ᠭᠤᠣᠯ ᠪᠣᠯᠬᠤ ᠭᠤᠣᠯ ᠮᠥᠷᠡᠨ ᠭᠡᠪᠡᠯ ᠶᠠᠯᠦ ᠭᠤᠣᠯ᠂ ᠴᠤᠤᠯ ᠭᠤᠣᠯ ᠪᠣᠯᠤᠨ᠎ᠠ᠃    ᠡᠬᠢ ᠪᠠᠶᠠᠯᠢᠭ ᠤᠨ ᠪᠠᠶᠢᠳᠠᠯ    ᠬᠤᠲᠠ ᠶᠢᠨ ᠬᠡᠪᠴᠢᠶᠡᠨ ᠳᠤ 300 ᠭᠠᠷᠤᠶ ᠵᠦᠢᠯ ᠤᠨ ᠬᠡᠭᠡᠷ᠎ᠡ ᠶᠢᠨ ᠠᠮᠢᠲᠠᠨ ᠲᠠᠢ᠃ ᠬᠤᠲᠠ ᠶᠢᠨ ᠬᠢᠯᠢ ᠳᠣᠲᠣᠷ᠎ᠠ 175 ᠲᠦᠮᠡᠨ ᠾᠧᠺᠲ᠋ᠠᠷ ᠣᠶ ᠰᠢᠭᠤᠶ ᠲᠠᠢ ᠪᠠᠶᠢᠵᠤ᠂ ᠣᠶ ᠰᠢᠭᠤᠶ ᠶᠢᠨ ᠪᠦᠷᠬᠦᠴᠡ ᠨᠢ 73% ᠪᠠᠶᠢᠵᠤ᠂ ᠮᠣᠳᠣᠨ ᠮᠠᠲ᠋ᠧᠷᠢᠶᠠᠯ ᠤᠨ ᠬᠠᠳᠠᠭᠠᠯᠠᠮᠵᠢ ᠨᠢ 1.8 ᠳ᠋ᠦᠩᠰᠢᠭᠤᠷ ᠪᠣᠰᠤᠭ᠎ᠠ ᠳᠥᠷᠪᠡᠯᠵᠢᠨ ᠮᠧᠳ᠋ᠷ ᠲᠤ ᠬᠦᠷᠦᠭᠰᠡᠨ ᠪᠠᠶᠢᠨ᠎ᠠ᠃ ᠨᠡᠯᠦᠭᠡᠷ ᠶᠡᠭᠡ ᠬᠢᠩᠭᠠᠨ ᠳᠠᠪᠠᠭ᠎ᠠ ᠶᠢᠨ ᠣᠶ ᠰᠢᠭᠤᠶ ᠳᠤ ᠭᠤᠣᠯᠳᠠᠭᠤ ᠬᠠᠷᠭᠠᠶ᠂ ᠴᠠᠭᠠᠨ ᠬᠤᠰᠤ᠂ ᠤᠯᠢᠶᠠᠰᠤ ᠵᠡᠷᠭᠡ 10 ᠭᠠᠷᠤᠶ ᠬᠦᠢᠲᠡᠨ ᠳᠤ ᠲᠡᠰᠪᠦᠷᠢᠲᠡᠶ ᠮᠣᠳᠣᠨ ᠤ ᠲᠥᠷᠥᠯ ᠤᠷᠭᠤᠵᠤ ᠪᠠᠶᠢᠨ᠎ᠠ᠃ ᠪᠥᠬᠦ ᠬᠤᠲᠠ ᠳᠤ 230 ᠲᠦᠮᠡᠨ ᠮᠥ ᠲᠠᠷᠢᠶᠠᠨ ᠭᠠᠵᠠᠷ ᠲᠠᠢ᠂ ᠬᠥᠷᠥᠰᠥ ᠰᠢᠷᠣᠶ ᠨᠢ ᠴᠢᠨᠠᠷ ᠰᠠᠶᠢᠲᠠᠶ ᠬᠠᠷ᠎ᠠ ᠺᠠᠯᠽᠳᠤ ᠰᠢᠷᠣᠶ ᠪᠠᠶᠢᠵᠤ᠂ ᠭᠤᠤᠯ ᠪᠣᠯᠬᠤ ᠲᠠᠷᠢᠮᠠᠯ ᠨᠢ ᠰᠢᠯᠢᠮᠳᠡᠭ᠂ ᠪᠤᠭᠤᠳᠠᠢ᠂ ᠲᠥᠮᠥᠰᠥ ᠵᠡᠷᠭᠡ ᠪᠣᠯᠤᠨ᠎ᠠ᠃ ᠠᠰᠢᠭᠯᠠᠵᠤ ᠪᠣᠯᠬᠤ ᠪᠡᠯᠴᠢᠭᠡᠷ 1050 ᠲᠦᠮᠡᠨ ᠮᠤ᠋ ᠪᠠᠶᠢᠬᠤ ᠪᠥᠭᠡᠳ ᠵᠢᠯ ᠳᠤ 2 ᠳ᠋ᠦᠩᠰᠢᠭᠤᠷ ᠺᠢᠯᠣᠭ᠍ᠷᠠᠮ ᠡᠪᠡᠰᠦ ᠪᠣᠷᠳᠤᠭ᠎ᠠ ᠶᠢᠨ ᠭᠠᠷᠤᠯᠳᠠ ᠲᠠᠢ᠂ ᠪᠡᠯᠴᠢᠭᠡᠷ ᠤᠨ ᠪᠠᠭᠲᠠᠭᠠᠮᠵᠢ ᠶᠢᠨ ᠬᠡᠮᠵᠢᠶ᠎ᠡ ᠨᠢ 30 ᠲᠦᠮᠡᠨ ᠲᠣᠯᠣᠭᠠᠶ ᠳᠤ ᠬᠦᠷᠴᠦ ᠪᠠᠶᠢᠨ᠎ᠠ᠃ ᠡᠯᠪᠡᠭ ᠳᠡᠯᠪᠡᠭ ᠣᠶ ᠶᠢᠨ ᠬᠤᠷᠮᠣᠶ ᠶᠢᠨ ᠡᠬᠢ ᠪᠠᠶᠠᠯᠢᠭ ᠲᠠᠢ᠂ ᠬᠡᠭᠡᠷ᠎ᠡ ᠶᠢᠨ ᠮᠣᠳᠣᠯᠢᠭ᠂ ᠡᠪᠡᠰᠦᠯᠢᠭ ᠤᠷᠭᠤᠮᠠᠯ 2000 ᠭᠠᠷᠤᠶ ᠵᠦᠢᠯ ᠪᠠᠶᠢᠵᠤ᠂ ᠲᠠᠯ᠎ᠠ ᠨᠤᠲᠤᠭ ᠲᠤ ᠲᠦᠭᠡᠭᠰᠡᠨ ᠬᠡᠭᠡᠷ᠎ᠡ ᠶᠢᠨ ᠨᠣᠭᠤᠭ᠎ᠠ 40 ᠭᠠᠷᠤᠶ ᠵᠦᠢᠯ ᠪᠠᠶᠢᠨ᠎ᠠ᠃ ᠶᠠᠭᠰᠢ ᠬᠤᠲᠠ ᠶᠢᠨ ᠠᠭᠤᠷᠬᠠᠶ ᠶᠢᠨ ᠭᠠᠷᠤᠯᠲᠠ ᠶᠢᠨ ᠡᠬᠢ ᠪᠠᠶᠠᠯᠢᠭ ᠡᠯᠪᠡᠭ ᠪᠠᠶᠠᠯᠢᠭ ᠪᠠᠶᠢᠵᠤ᠂ ᠨᠢᠭᠡᠨᠲᠡ ᠬᠠᠶᠢᠨ ᠳᠣᠲᠣᠯᠠᠭᠰᠠᠨ ᠨᠢ ᠭᠤᠣᠯᠳᠠᠭᠤ ᠨᠡᠭᠦᠷᠡᠰᠦ᠂ ᠲᠡᠮᠦᠷ᠂ ᠵᠡᠰ᠂ ᠬᠠᠷ᠎ᠠ ᠲᠤᠭᠤᠯᠭ᠎ᠠ᠂ ᠴᠠᠶᠢᠷ᠂ ᠴᠣᠬᠤᠶ ᠶᠢᠨ ᠴᠢᠯᠠᠭᠤ᠂ ᠰᠤᠪᠤᠳ ᠤᠨ ᠴᠢᠯᠠᠭᠤᠯᠢᠭ᠂ ᠪᠤᠴᠠᠯᠭᠠᠭᠤᠷ ᠴᠢᠯᠠᠭᠤ ᠵᠡᠷᠭᠡ 31 ᠭᠠᠷᠤᠶ ᠵᠦᠢᠯ ︵ᠳᠡᠳ᠋ ᠠᠭᠤᠷᠬᠠᠶ ᠶᠢᠨ ᠲᠥᠷᠥᠯ ᠪᠠᠭᠲᠠᠨ᠎ᠠ︶ ᠪᠠᠶᠢᠵᠤ᠂ ᠨᠡᠭᠦᠷᠡᠰᠦᠨ ᠤ ᠬᠠᠶᠢᠨ ᠳᠣᠲᠣᠯᠠᠭᠰᠠᠨ ᠬᠠᠳᠠᠭᠠᠯᠠᠭᠳᠠᠴᠠ ᠨᠢ 10.4 ᠳ᠋ᠦᠩᠰᠢᠭᠤᠷ ᠲᠣᠨ ᠪᠠᠶᠢᠵᠤ᠂ ᠡᠳᠡᠭᠡᠷ ᠠᠭᠤᠷᠬᠠᠶ ᠶᠢᠨ ᠭᠠᠷᠤᠯᠲᠠ ᠶᠢᠨ ᠡᠬᠢ ᠪᠠᠶᠠᠯᠢᠭ ᠤᠨ ᠨᠡᠭᠦᠷᠡᠰᠦ ᠠᠴᠠ ᠪᠤᠰᠤᠳ ᠣᠯᠠᠩᠬᠢ ᠶᠢ ᠨᠢ ᠪᠠᠰᠠ ᠨᠡᠭᠡᠭᠡᠨ ᠠᠰᠢᠭᠯᠠᠬᠤ ᠬᠡᠷᠡᠭᠲᠡᠶ ᠪᠠᠶᠢᠨ᠎ᠠ᠃ 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ