ᠰᠢᠨ᠎ᠡ ᠪᠠᠷᠭᠤ ᠵᠡᠭᠦᠨ ᠬᠤᠰᠢᠭᠤ ᠶᠢᠨ ᠳᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2024/12/19
    ᠨᠠᠷ᠎ᠡ ᠶᠢᠨ ᠢᠷᠡᠯ᠄ ᠪᠠᠷᠭᠤ ᠭᠡᠳᠡᠭ ᠪᠣᠯ ᠮᠣᠩᠭᠤᠯ ᠦᠨᠳᠦᠰᠦᠲᠡᠨ ᠤ ᠬᠠᠯᠬ᠎ᠠ ᠠᠶᠢᠮᠠᠭ ᠤᠨ ᠳᠣᠲᠤᠷᠠᠬᠢ ᠨᠢᠭᠡ ᠠᠶᠢᠮᠠᠭ ᠤᠨ ᠨᠡᠷ᠎ᠡ ᠪᠣᠯᠤᠨ᠎ᠠ᠂ ᠲᠣᠰ ᠬᠤᠰᠢᠭᠤᠨ ᠤ ᠪᠠᠷᠭᠤ ᠬᠥᠮᠦᠨ ᠨᠢ ᠬᠥᠯᠥᠨ ᠪᠤᠶᠢᠷ ᠲᠤ ᠨᠤᠲᠤᠭᠰᠢᠨ ᠰᠠᠭᠤᠭᠰᠠᠨ ᠴᠠᠭ ᠨᠢ ᠬᠠᠭᠤᠴᠢᠨ ᠪᠠᠷᠭᠤ ᠬᠤᠰᠢᠭᠤᠨ ᠤ ᠪᠠᠷᠭᠤ ᠬᠥᠮᠦᠨ ᠠᠴᠠ ᠬᠤᠶᠠᠷ ᠵᠢᠯ ᠬᠤᠶᠢᠨ᠎ᠠ ᠤᠴᠢᠷ ᠠᠴᠠ ᠰᠢᠨ᠎ᠡ ᠪᠠᠷᠭᠤ ᠭᠡᠵᠦ ᠨᠡᠷᠡᠶᠢᠳᠴᠡᠶ᠃    ᠰᠢᠨ᠎ᠡ ᠪᠠᠷᠭᠤ ᠵᠡᠭᠦᠨ ᠬᠤᠰᠢᠭᠤ ᠨᠢ ᠬᠥᠯᠥᠨ ᠪᠦᠷ ᠬᠤᠳᠠ ᠶᠢᠨ ᠪᠠᠷᠠᠭᠤᠨ ᠡᠮᠦᠨ᠎ᠡ ᠪᠡᠶ᠎ᠡ ᠳᠤ ᠪᠠᠶᠢᠷᠢᠯᠠᠵᠤ᠂ ᠵᠡᠭᠦᠨ ᠤᠷᠲᠤᠷᠢᠭ ᠤᠨ 117°33' -120°12'᠂ ᠤᠮᠠᠷᠠᠲᠤ ᠥᠷᠭᠡᠷᠢᠭ ᠤᠨ 47°10'-49°47' ᠳᠤ ᠪᠤᠢ᠃ ᠵᠡᠭᠦᠨ ᠲᠠᠯ᠎ᠠ ᠪᠠᠷ ᠢᠶᠠᠨ ᠬᠠᠭᠤᠴᠢᠨ ᠪᠠᠷᠭᠤ ᠬᠤᠰᠢᠭᠤ᠂ ᠡᠸᠡᠩᠬᠢ ᠦᠨᠳᠦᠰᠦᠲᠡᠨ ᠤ ᠥᠪᠡᠷᠲᠡᠭᠡᠨ ᠵᠠᠰᠠᠬᠤ ᠬᠤᠰᠢᠭᠤ ᠲᠠᠢ ᠬᠥᠷᠰᠢᠯᠡᠵᠦ᠂ ᠡᠮᠦᠨ᠎ᠡ ᠲᠠᠯ᠎ᠠ ᠪᠠᠷ ᠢᠶᠠᠨ ᠬᠢᠩᠭᠠᠨ ᠠᠶᠢᠮᠠᠭ ᠤᠨ ᠷᠠᠰᠢᠶᠠᠨ ᠬᠤᠲᠠ ᠲᠠᠢ ᠵᠠᠬ᠎ᠠ ᠨᠡᠶᠢᠯᠡᠵᠦ᠂ ᠪᠠᠷᠠᠭᠤᠨ ᠲᠠᠯ᠎ᠠ ᠪᠠᠷ ᠢᠶᠠᠨ ᠰᠢᠨ᠎ᠡ ᠪᠠᠷᠭᠤ ᠪᠠᠷᠠᠭᠤᠨ ᠬᠤᠰᠢᠭᠤ ᠲᠠᠢ ᠬᠠᠷᠢᠯᠴᠠᠨ ᠲᠦᠰᠢᠯᠴᠡᠵᠦ᠂ ᠪᠠᠷᠠᠭᠤᠨ ᠬᠤᠶᠢᠲᠤ ᠲᠠᠯ᠎ᠠ ᠪᠠᠷ ᠢᠶᠠᠨ ᠮᠠᠨᠵᠦᠦᠷ ᠬᠤᠲᠠ ᠲᠠᠢ ᠵᠠᠯᠭᠠᠯᠳᠤᠵᠤ᠂ ᠬᠤᠶᠢᠲᠤ ᠲᠠᠯ᠎ᠠ ᠪᠠᠷ ᠢᠶᠠᠨ ᠣᠷᠣᠰ ᠲᠠᠢ ᠡᠷᠭᠦᠨ᠎ᠡ ᠭᠤᠤᠯ ᠢᠶᠠᠷ ᠵᠠᠭᠠᠭ ᠪᠣᠯᠭᠠᠵᠤ᠂ ᠪᠠᠷᠠᠭᠤᠨ ᠡᠮᠦᠨ᠎ᠡ ᠲᠠᠯ᠎ᠠ ᠪᠠᠷ ᠢᠶᠠᠨ ᠮᠣᠩᠭᠤᠯ ᠤᠯᠤᠰ ᠲᠠᠢ ᠵᠠᠬ᠎ᠠ ᠨᠡᠶᠢᠯᠡᠵᠦ ᠪᠠᠶᠢᠨ᠎ᠠ᠃ ᠪᠦᠬᠦ ᠬᠤᠰᠢᠭᠤ ᠨᠢ ᠡᠮᠦᠨ᠎ᠡ ᠤᠮᠠᠷ᠎ᠠ ᠲᠡᠶᠢᠰᠢ ᠪᠠᠨ ᠨᠠᠷᠢᠨ ᠤᠷᠲᠤ ᠪᠠᠶᠢᠵᠤ᠂ ᠵᠡᠭᠦᠨ ᠪᠠᠷᠠᠭᠤᠨ ᠲᠡᠶᠢᠰᠢ ᠪᠠᠨ ᠬᠠᠮᠤᠭ ᠥᠷᠭᠡᠨ ᠳᠡᠭᠡᠨ 165 ᠺᠢᠯᠣᠮᠧᠳ᠋ᠷ᠂ ᠡᠮᠦᠨ᠎ᠡ ᠤᠮᠠᠷ᠎ᠠ ᠲᠡᠶᠢᠰᠢ ᠪᠠᠨ ᠬᠠᠮᠤᠭ ᠤᠷᠲᠤ ᠳᠠᠭᠠᠨ 309 ᠺᠢᠯᠣᠮᠧᠳ᠋ᠷ᠂ ᠶᠡᠷᠦᠩᠬᠡᠶ ᠲᠠᠯᠠᠪᠠᠶ ᠨᠢ 2.22 ᠲᠦᠮᠡᠨ ᠲᠡᠭᠰᠢ ᠳᠥᠷᠪᠡᠯᠵᠢᠨ ᠺᠢᠯᠣᠮᠧᠳ᠋ᠷ ᠪᠣᠯᠤᠨ᠎ᠠ᠃ ᠬᠢᠯᠢ ᠶᠢᠨ ᠱᠤᠭᠤᠮ ᠤᠨ ᠪᠥᠬᠦ ᠣᠷᠳᠣ ᠨᠢ 311.24 ᠺᠢᠯᠣᠮᠧᠳ᠋ᠷ ᠪᠠᠶᠢᠵᠤ᠂ ᠡᠭᠦᠨ ᠳᠤ ᠳᠤᠮᠳᠠᠳᠤ ᠮᠣᠩᠭᠤᠯ ᠤᠨ ᠬᠢᠯᠢ ᠶᠢᠨ ᠱᠤᠭᠤᠮ ᠤᠨ ᠣᠷᠳᠣ ᠨᠢ 215.062 ᠺᠢᠯᠣᠮᠧᠳ᠋ᠷ᠂ ᠳᠤᠮᠳᠠᠳᠤ ᠣᠷᠣᠰ ᠤᠨ ᠬᠢᠯᠢ ᠶᠢᠨ ᠱᠤᠭᠤᠮ ᠤᠨ ᠣᠷᠳᠣ ᠨᠢ 96.18 ᠺᠢᠯᠣᠮᠧᠳ᠋ᠷ ᠪᠣᠯᠤᠨ᠎ᠠ᠃    ᠰᠢᠨ᠎ᠡ ᠪᠠᠷᠭᠤ ᠵᠡᠭᠦᠨ ᠬᠤᠰᠢᠭᠤᠨ ᠤ ᠥᠨᠳᠥᠷ ᠲᠠᠯ᠎ᠠ ᠭᠠᠵᠠᠷ ᠤᠨ ᠭᠠᠵᠠᠷ ᠤᠨ ᠪᠠᠶᠢᠴᠠ ᠨᠢ ᠵᠡᠭᠦᠨ ᠡᠮᠦᠨ᠎ᠡ ᠠᠴᠠ ᠪᠠᠷᠠᠭᠤᠨ ᠬᠤᠶᠢᠰᠢ ᠪᠠᠨ ᠳᠣᠷᠤᠭᠰᠢᠯᠠᠵᠤ᠂ ᠳᠠᠯᠠᠶ ᠶᠢᠨ ᠲᠦᠪᠰᠢᠨ ᠠᠴᠠ 560 — 800 ᠮᠧᠳ᠋ᠷ ᠦᠨᠳᠦᠷ ᠪᠠᠶᠢᠨ᠎ᠠ᠃ ᠵᠡᠭᠦᠨ ᠡᠮᠦᠨᠡᠲᠦ ᠬᠡᠰᠡᠭ ᠤᠨ ᠠᠭᠤᠯᠠᠷᠬᠠᠭ ᠭᠠᠵᠠᠷ ᠨᠢ ᠶᠡᠭᠡ ᠬᠢᠩᠭᠠᠨ ᠳᠠᠪᠠᠭ᠎ᠠ ᠶᠢᠨ ᠠᠭᠤᠯᠠᠷᠬᠠᠭ ᠭᠠᠵᠠᠷ ᠤᠨ ᠪᠠᠷᠠᠭᠤᠨ ᠪᠠᠯ ᠤᠨ ᠬᠥᠪᠡᠭᠡ ᠪᠠᠶᠢᠵᠤ᠂ ᠲᠡᠯᠡᠶ ᠶᠢᠨ ᠲᠦᠪᠰᠢᠨ ᠠᠴᠠ 900 — 1573 ᠮᠧᠳ᠋ᠷ ᠦᠨᠳᠦᠷ ᠪᠠᠶᠢᠵᠤ᠂ ᠬᠠᠮᠤᠭ ᠥᠨᠳᠥᠷ ᠴᠡᠭ ᠨᠢ ᠦᠪᠦᠷᠪᠤᠯᠠᠭ ᠰᠣᠮᠤᠨ ᠤ ᠦᠷᠭᠡᠨᠠᠭᠤᠯᠠ ᠪᠠᠶᠢᠵᠤ᠂ ᠳᠠᠯᠠᠶ ᠶᠢᠨ ᠲᠦᠪᠰᠢᠨ ᠠᠴᠠ 1573 ᠮᠧᠳ᠋ᠷ ᠡᠷᠭᠦᠭᠳᠡᠵᠦ ᠪᠠᠶᠢᠳᠠᠭ᠃    2023 ᠣᠨ ᠳᠤ ᠡᠷᠦᠬᠡ ᠠᠮᠠ ᠶᠢᠨ ᠲᠠᠩᠰᠠ ᠲᠠᠢ ᠬᠥᠮᠦᠨ ᠠᠮᠠ 41106 ᠬᠦᠮᠦᠨ ᠪᠠᠶᠢᠪᠠ᠃ 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ