-- ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 119 ᠤᠨ ᠠᠴᠠ ᠡᠮᠦᠨ᠎ᠡ᠂ ᠬᠠᠨ ᠡᠤ ᠳ᠋ᠢ ᠶᠡᠭᠡ ᠵᠠᠩᠵᠣᠨ ᠸᠧᠢ ᠴᠢᠩ ᠢ ᠵᠠᠷᠯᠢᠭᠳᠠᠨ ᠴᠡᠷᠢᠭ ᠳᠠᠶᠢᠴᠢᠯᠠᠨ | ᠶᠠᠪᠤᠭᠤᠯᠵᠤ᠂ ᠡᠾᠦ᠋ᠩᠨᠦ ᠶᠢᠨ ᠢᠳᠡᠷ ᠴᠠᠨ ᠢᠦᠢ ᠶᠢ ᠶᠡᠭᠡ ᠪᠠᠷ ᠢᠯᠠᠬᠤ ᠶᠢᠨ ᠬᠠᠮᠲᠤ᠂ ᠴᠡᠷᠢᠭ ᠢᠶᠠᠨ ᠳᠠᠭᠠᠭᠤᠯᠤᠨ ᠵᠡᠬᠦᠨᠰᠢ ᠤᠷᠣᠭᠰᠢᠯᠠᠵᠦ᠂ ᠬᠦᠯᠦᠨ ᠨᠠᠭᠤᠷ | ᠪᠠ ᠬᠡᠷᠦᠯᠦᠨ ᠭᠤᠣᠯ ᠤᠨ ᠡᠷᠬᠢᠨ ᠳᠤ ᠬᠦᠷᠪᠡ᠃ | -- ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 1 ᠳ᠋ᠤᠭᠡᠷ ᠵᠠᠭᠤᠨ ᠤ ᠲᠤᠤᠷ᠎ᠠ ᠬᠠᠭᠠᠰ ᠵᠠᠭᠤᠨ ᠳᠤ ᠲᠠᠪᠭᠠᠴᠢ ᠰᠢᠶᠠᠨᠪᠢ ᠬᠦᠮᠦᠨ ᠲᠡᠳᠡᠨ ᠤ ᠲᠦᠷᠦᠬᠦᠦ | ᠶᠢᠨ ᠤ ᠲᠠᠭᠠᠭᠤᠯᠭ᠎ᠠ ᠪᠠᠷ᠂ ᠶᠡᠭᠡ ᠬᠢᠩᠭᠠᠨ ᠲᠠᠪᠠᠭ᠎ᠠ ᠶᠢᠨ ᠠᠭᠤᠯᠠᠨ ᠰᠢᠭᠤᠢ ᠠᠴᠠ ᠭᠠᠷᠴᠤ᠂ ᠡᠮᠦᠨᠡᠰᠢ ᠳ᠋ᠠ ᠽᠧ ︵ᠤᠳᠦ ᠶᠢᠨ ᠬᠦᠯᠦᠨ ᠨᠠᠭᠤᠷ︶ ᠳᠤ ᠨᠡᠭᠦᠵᠦ᠂ | ᠬᠦᠯᠦᠨ ᠪᠤᠶᠢᠷ ᠤᠨ ᠲᠠᠯ᠎ᠠ ᠨᠤᠳᠤᠭ ᠲᠤ ᠣᠷᠣᠪᠠ᠃ | -- ᠲᠢᠶᠠᠨ ᠾᠦᠢ ᠶᠢᠨ ᠭᠤᠷᠪᠠᠳᠤᠭᠠᠷ ᠣᠨ᠂ ᠪᠣᠣ ᠳ᠋ᠠ ᠶᠢᠨ ᠲᠠᠪᠤᠳᠤᠭᠠᠷ ᠣᠨ ︵1125 ᠣᠨ︶ ᠳᠤ᠂ ᠠᠯᠳᠠᠨ ᠤᠯᠤᠰ ᠯᠢᠶᠣᠤ ᠤᠯᠤᠰ ᠢ | ᠮᠦᠬᠦᠭᠡᠭᠰᠡᠨ ᠤ ᠳᠠᠷᠠᠭ᠎ᠠ᠂ ᠮᠣᠩᠭᠤᠯ ᠤᠨ ᠡᠯ᠎ᠡ ᠠᠶᠢᠮᠠᠭ ᠢ ᠢᠯᠪᠢᠨ ᠳᠠᠭᠠᠭᠤᠯᠵᠤ᠂ ᠲᠠᠲ᠋ᠠᠷ ᠬᠤᠩᠬᠢᠷᠠᠳ ᠵᠡᠷᠭᠡ ᠠᠶᠢᠮᠠᠭ ᠴᠦᠮ ᠪᠠᠭᠤᠵᠤ ᠥᠭᠭᠦᠨ᠂ ᠠᠯᠲᠠᠨ | ᠤᠯᠤᠰ ᠤᠨ ᠬᠠᠷᠢᠶᠠᠨ ᠤ ᠬᠡᠪᠴᠢᠶ᠎ᠡ ᠨᠢ ᠯᠦ ᠵᠢᠦᠢ ᠭᠤᠣᠯ ︵ᠬᠡᠷᠦᠯᠦᠨ ᠭᠤᠣᠯ︶ ᠠᠴᠠ ᠤᠮᠠᠷᠠᠰᠢᠬᠢ ᠭᠠᠵᠠᠷ ᠲᠤ ᠬᠦᠷᠴᠦ ᠪᠠᠶᠢᠪᠠ᠃ | -- ᠴᠧᠩ ᠠᠨ ᠤ ᠲᠠᠪᠤᠳᠤᠭᠠᠷ ᠣᠨ ︵1200 ᠤᠨ︶ ᠳᠤ ᠲᠡᠮᠦᠵᠢᠨ᠂ ᠸᠠᠩ ᠬᠠᠨ ︵ᠬᠡᠷᠡᠶᠢᠳ ᠠᠶᠢᠮᠠᠭ︶ ᠤ ᠬᠤᠯᠪᠣᠭᠠᠲᠤ ᠴᠡᠷᠢᠭ ᠪᠠ | ᠲᠠᠶᠢᠴᠢᠭᠤᠳ ᠲᠠᠢ ᠣᠨᠣᠨ ᠭᠤᠣᠯ ᠳᠤ ᠪᠠᠶᠢᠯᠳᠤᠵᠤ᠂ ᠬᠤᠯᠪᠣᠭᠠᠲᠤ ᠴᠡᠷᠢᠭ ᠢᠯᠠᠵᠤ᠂ ᠲᠠᠶᠢᠴᠢᠭᠤᠳ ᠢ ᠣᠳᠤ ᠶᠢᠨ ᠬᠦᠯᠦᠨ ᠨᠠᠭᠤᠷ ᠤᠨ ᠡᠮᠦᠨ᠎ᠡ ᠬᠦᠷᠲᠡᠯ᠎ᠡ | ᠨᠡᠬᠡᠮᠵᠢᠯᠡᠵᠦ᠂ ᠠᠶᠢᠮᠠᠭ ᠤᠨ ᠠᠬᠠᠯᠠᠭᠴᠢ ᠲᠠᠷᠭᠤᠲᠠᠢ ᠶᠢ ᠠᠯᠠᠪᠠ᠃ | -- ᠲᠠᠶᠢᠽᠤ ᠬᠤᠩ ᠦ᠋ ᠶᠢᠨ ᠲᠡᠷᠢᠭᠦᠨ ᠣᠨ ︵1368 ᠣᠨ︶ ᠳᠤ᠂ ᠮᠢᠩ ᠤᠯᠤᠰ ᠤᠨ ᠴᠡᠷᠢᠭ ᠳᠠᠶᠢᠳᠤ ᠶᠢ ᠳᠠᠭᠠᠷᠢᠨ ᠡᠵᠡᠯᠡᠵᠦ᠂ ᠶᠤᠸᠠᠨ ᠤᠯᠤᠰ | ᠮᠥᠬᠦᠪᠡ᠃ ᠶᠣᠧᠠᠨ ᠤᠯᠤᠰ ᠤᠨ ᠡᠶᠡᠪᠡᠷᠬᠦᠦ ᠬᠠᠭᠠᠨ ᠬᠤᠶᠢᠨ᠎ᠠ ᠺᠠᠢ ᠫᠢᠩ ᠠᠴᠠ ᠡᠬᠢᠯᠡᠨ᠂ ᠲᠡᠭᠦᠨ ᠤ ᠭᠤᠣᠯ ᠬᠦᠴᠣᠨ ᠨᠢ ᠭᠤᠪᠢ ᠶᠢᠨ ᠡᠮᠦᠨ᠎ᠡ ᠬᠦᠷᠴᠦ᠂ | ᠤᠮᠠᠷᠠᠰᠢ ᠪᠤᠶᠢᠷ ᠨᠠᠭᠤᠷ ᠤᠷᠴᠢᠮ ᠬᠦᠷᠪᠡ᠃ ᠲᠡᠭᠦᠨ ᠠᠴᠠ ᠬᠤᠶᠢᠰᠢ 1372 ᠣᠨ᠂ 1381 ᠣᠨ ᠳᠤ᠂ ᠮᠢᠩ ᠤᠯᠤᠰ ᠤᠨ ᠴᠡᠷᠢᠭ ᠬᠤᠶᠠᠷ ᠤᠳᠠᠭ᠎ᠠ ᠴᠡᠷᠢᠭ | ᠳᠠᠶᠢᠴᠢᠯᠠᠨ ᠬᠡᠷᠦᠯᠦᠨ ᠭᠤᠣᠯ ᠣᠷᠴᠢᠮ ᠬᠦᠷᠴᠦ᠂ ᠶᠣᠧᠠᠨ ᠤᠯᠤᠰ ᠤᠨ ᠴᠡᠷᠢᠭ ᠲᠤ ᠴᠣᠬᠢᠯᠲᠠ ᠥᠭᠪᠡ᠃ 1388 ᠣᠨ ᠤ 6 ᠰᠠᠷ᠎ᠠ ᠳᠤ᠂ ᠮᠢᠩ ᠤᠯᠤᠰ ᠤᠨ | ᠶᠡᠭᠡ ᠵᠠᠩᠵᠤᠨ ᠯᠠᠨ ᠢᠤᠢ 15 ᠲᠦᠮᠡᠨ ᠴᠡᠷᠢᠭ ᠳᠠᠶᠢᠴᠢᠯᠠᠨ ᠶᠤᠸᠠᠨ ᠤᠯᠤᠰ ᠤᠨ ᠦᠯᠡᠳᠡᠭᠳᠡᠯ ᠬᠦᠴᠦᠨ ᠢ ᠳᠠᠶᠢᠯᠠᠵᠤ᠂ ᠪᠤᠶᠢᠷ ᠨᠠᠭᠤᠷ ᠣᠷᠴᠢᠮ ᠶᠤᠸᠠᠨ | ᠤᠯᠤᠰ ᠤᠨ ᠲᠡᠭᠦᠰᠲᠡᠮᠦᠷ ᠤᠨ ᠴᠡᠷᠢᠭ ᠢ ᠶᠡᠭᠡ ᠪᠠᠷ ᠢᠯᠠᠵᠤ᠂ 7 ᠲᠦᠮᠡ ᠭᠠᠷᠤᠶ ᠬᠥᠮᠦᠨ ᠪᠠ 15 ᠲᠦᠮᠡ ᠭᠠᠷᠤᠶ ᠮᠠᠯ ᠤᠨᠤᠭ᠎ᠠ ᠣᠯᠵᠠᠯᠠᠪᠠ᠃ ᠲᠡᠭᠦᠰᠲᠡᠮᠦᠷ | ᠬᠡᠳᠦᠨ ᠠᠷᠪᠠᠨ ᠴᠡᠷᠢᠭ ᠢᠶᠠᠨ ᠠᠪᠴᠤ ᠳᠤᠲᠠᠭᠠᠭᠠᠳ ᠤᠳᠠᠯ ᠦᠭᠡᠢ ᠠᠯᠠᠭᠳᠠᠪᠠ᠃ | -- ᠶᠦᠩ ᠯᠧ ᠶᠢᠨ ᠨᠠᠢᠮᠠᠳᠤᠭᠠᠷ ᠣᠨ ︵1410 ᠣᠨ ᠤ 2 ᠰᠠᠷ᠎ᠠ︶ ᠳᠤ᠂ ᠮᠢᠩ ᠴᠧᠩᠽᠦ 50 ᠲᠦᠮᠡᠨ ᠶᠡᠭᠡ ᠴᠡᠷᠢᠭ ᠳᠠᠶᠢᠴᠢᠯᠠᠨ ᠲᠠᠲ᠋ᠠᠷ ᠢ ᠳᠠᠶᠢᠯᠠᠪᠠ᠃ | 5 ᠰᠠᠷ᠎ᠠ ᠳᠤ᠂ ᠮᠢᠩ ᠴᠧᠩᠽᠦ ᠴᠡᠷᠢᠭ ᠳᠠᠶᠢᠴᠢᠯᠠᠨ ᠯᠦ ᠵᠢᠦᠢ ᠭᠤᠣᠯ ︵ᠭᠡᠷᠦᠯᠦᠨ ᠭᠤᠣᠯ︶ ᠳᠤ ᠬᠦᠷᠴᠦ᠂ ᠭᠤᠣᠯ ᠢ ᠶᠢᠨ ᠮᠠ ᠭᠤᠣᠯ ᠭᠡᠵᠦ ᠬᠠᠯᠠᠪᠠ᠃ | ᠪᠤᠨᠢᠶᠠᠰᠢᠷᠢ ᠰᠣᠨᠣᠰᠤᠭᠠᠳ ᠪᠠᠷᠠᠭᠤᠨᠰᠢ ᠵᠢᠭᠤᠳᠠᠵᠤ᠂ ᠠᠷᠤᠭᠲᠠᠢ ᠵᠡᠭᠦᠨᠰᠢ ᠳᠤᠲᠠᠭᠠᠪᠠ᠃ ᠮᠢᠩ ᠤᠯᠤᠰ ᠤᠨ ᠴᠡᠷᠢᠭ ᠮᠥᠷᠳᠡᠨ ᠨᠡᠬᠡᠮᠵᠢᠯᠡᠪᠡ᠃ 6 ᠰᠠᠷ᠎ᠠ ᠳᠤ᠂ | ᠮᠢᠩ ᠴᠧᠩᠽᠦ ᠠᠷᠤᠭᠲᠠᠢ ᠶᠢ ᠨᠡᠬᠡᠮᠵᠢᠯᠡᠨ ᠥᠨᠥ ᠶᠢᠨ ᠬᠥᠯᠥᠨ ᠨᠠᠭᠤᠷ ᠲᠤ ᠳᠠᠭᠠᠷᠢᠨ ᠣᠷᠣᠵᠤ᠂ ᠠᠷᠤᠭᠲᠠᠢ ᠶᠢᠨ ᠴᠡᠷᠢᠭ ᠢ ᠵᠢᠩ ᠯᠦ ᠪᠠᠯᠭᠠᠰᠤ ᠪᠠ ᠶᠡᠭᠡ | ᠬᠢᠩᠭᠠᠨ ᠳᠠᠪᠠᠭ᠎ᠠ ᠣᠷᠴᠢᠮ ᠳᠤ ᠳᠠᠬᠢᠨ ᠢᠯᠠᠪᠠ᠃ ᠮᠢᠩ ᠤᠯᠤᠰ ᠤᠨ ᠴᠡᠷᠢᠭ 1414 ᠣᠨ ᠳᠤ ᠴᠡᠷᠢᠭ ᠳᠠᠶᠢᠴᠢᠯᠠᠨ ᠤᠯᠤᠰ ᠲᠤ ᠪᠠᠨ ᠪᠤᠴᠠᠪᠠ᠃ | -- ᠶᠦᠩ ᠯᠧ ᠶᠢᠨ ᠬᠤᠷᠢᠳᠤᠭᠠᠷ ᠣᠨ ︵1422 ᠣᠨ ᠤ 3 ᠰᠠᠷ᠎ᠠ︶ ᠳᠤ᠂ ᠠᠷᠤᠭᠲᠠᠢ ᠬᠢᠵᠠᠭᠠᠷ ᠣᠷᠣᠨ ᠳᠤ ᠬᠠᠯᠳᠠᠵᠤ᠂ ᠮᠢᠩ ᠴᠧᠩᠽᠦ ᠴᠡᠷᠢᠭ | ᠳᠠᠶᠢᠴᠢᠯᠠᠨ ᠤᠮᠠᠷᠠᠰᠢ ᠮᠣᠷᠳᠠᠪᠠ᠃ 7 ᠰᠠᠷ᠎ᠠ ᠳᠤ ᠬᠤ᠋ ᠶᠣᠸᠠᠨ ᠳᠤ ᠴᠡᠷᠢᠭ ᠣᠷᠣᠵᠤ᠂ ᠠᠷᠤᠭᠲᠠᠢ ᠲᠤᠲᠠᠭᠠᠵᠤ᠂ ᠠᠳᠤᠭᠤ ᠲᠡᠮᠡᠭᠡ᠂ ᠦᠬᠡᠷ ᠬᠤᠨᠢ᠂ ᠲᠡᠷᠭᠡ | ᠬᠦᠰᠭᠡ ᠪᠠᠨ ᠬᠦᠯᠦᠨ ᠨᠠᠭᠤᠷ ᠤᠨ ᠬᠤᠶᠢᠨ᠎ᠠ ᠣᠷᠬᠢᠪᠠ᠃ ᠳᠠᠷᠠᠭ᠎ᠠ ᠵᠢᠯ ᠤᠨ ᠬᠢᠨᠢ 7 ᠰᠠᠷ᠎ᠠ᠂ ᠳᠠᠷᠤᠢ 1424 ᠣᠨ ᠤ 4 ᠰᠠᠷ᠎ᠠ ᠳᠤ᠂ ᠮᠢᠩ ᠴᠧᠩᠽᠦ ᠪᠠᠰᠠ | ᠬᠤᠶᠠᠷ ᠤᠳᠠᠭ᠎ᠠ ᠴᠡᠷᠢᠭ ᠳᠠᠶᠢᠴᠢᠯᠠᠨ ᠠᠷᠤᠭᠲᠠᠢ ᠶᠢ ᠳᠠᠶᠢᠯᠠᠪᠠ᠃ 1424 ᠣᠨ ᠤ 11 ᠰᠠᠷ᠎ᠠ ᠳᠤ᠂ ᠠᠷᠤᠭᠲᠠᠢ ᠮᠢᠩ ᠤᠯᠤᠰ ᠲᠤ ᠠᠳᠤᠭᠤ ᠡᠷᠭᠦᠨ ᠪᠠᠷᠢᠪᠠ᠃ | ᠲᠡᠭᠦᠨ ᠠᠴᠠ ᠰᠡᠭᠦᠯᠡᠷ ᠠᠷᠤᠭᠲᠠᠢ ᠶᠢᠨ ᠠᠶᠢᠮᠠᠭ ᠤᠷᠤᠭᠤᠳᠠᠪᠠ᠃ | -- ᠡᠩᠬᠡ ᠠᠮᠤᠭᠤᠯᠠᠩ ᠤᠨ ᠬᠤᠷᠢᠨ ᠳᠣᠯᠣᠳᠤᠭᠠᠷ ᠣᠨ ︵1688 ᠣᠨ︶ ᠳᠤ᠂ ᠭᠠᠯᠳᠠᠨ ᠬᠠᠯᠬ᠎ᠠ ᠶᠢᠨ ᠳᠣᠲᠣᠭᠠᠳᠤ ᠰᠠᠮᠠᠭᠤᠨ ᠢ ᠵᠠᠪᠰᠢᠨ᠂ ᠴᠡᠷᠢᠭ | ᠳᠠᠶᠢᠴᠢᠯᠠᠨ ᠬᠠᠯᠬ᠎ᠠ ᠶᠢ ᠳᠠᠶᠢᠯᠠᠵᠤ᠂ ᠲᠤᠰ ᠵᠢᠯ ᠳᠤ ᠬᠡᠷᠦᠯᠦᠨ ᠭᠤᠣᠯ ᠳᠤ ᠬᠦᠷᠪᠡ᠃ ᠬᠤᠶᠠᠷ ᠵᠢᠯ ᠤᠨ ᠳᠠᠷᠠᠭ᠎ᠠ ᠬᠦᠯᠦᠨ ᠨᠠᠭᠤᠷ ᠪᠠ ᠪᠤᠶᠢᠷ ᠨᠠᠭᠤᠷ ᠲᠤ | ᠭᠦᠨᠵᠡᠭᠡᠶᠢᠷᠡᠪᠡ᠃ 1696 ᠣᠨ ᠳᠤ᠂ ᠴᠢᠩ ᠤᠯᠤᠰ ᠤᠨ ᠴᠡᠷᠢᠭ ᠭᠠᠯᠳᠠᠨ ᠤ ᠠᠶᠢᠮᠠᠭ ᠢ ᠪᠤᠲᠠ ᠴᠣᠬᠢᠭᠠᠳ ᠬᠡᠷᠦᠯᠦᠨ ᠭᠤᠣᠯ ᠳᠤ ᠬᠦᠷᠪᠡ᠃ ᠡᠨᠡ | ᠬᠤᠭᠤᠴᠠᠭᠠᠨ ᠳᠤ ᠮᠣᠩᠭᠤᠯ ᠦᠨᠳᠦᠰᠦᠲᠡᠨ ᠤ ᠪᠠᠷᠭᠤ ᠠᠶᠢᠮᠠᠭ ᠠᠷᠭ᠎ᠠ ᠪᠤᠰᠤ ᠡᠮᠦᠨᠡᠰᠢ ᠨᠡᠭᠦᠪᠡ᠂ ᠲᠡᠭᠦᠨ ᠤ ᠨᠢᠭᠡ ᠪᠦᠯᠦᠭ ᠨᠢ ᠴᠢᠩ ᠤᠯᠤᠰ ᠤᠨ ᠨᠠᠢᠮᠠᠨ | ᠬᠤᠰᠢᠭᠤ ᠪᠣᠯᠵᠤ᠂ ᠱᠧᠩᠵᠢᠩ᠂ ᠭᠢᠷᠢᠨ᠂ ᠴᠢᠴᠢᠬᠠᠷ ᠵᠡᠷᠭᠡ ᠭᠠᠵᠠᠷ ᠲᠤ ᠰᠠᠭᠤᠷᠢᠰᠢᠵᠤ᠂ ᠨᠢᠭᠡ ᠪᠦᠯᠦᠭ ᠨᠢ ᠮᠥᠨ ᠨᠡᠭᠦᠳᠡᠯᠯᠡᠨ ᠮᠠᠯᠵᠢᠪᠠ᠃ ᠨᠠᠶᠢᠷᠠᠯᠲᠤ | ᠲᠥᠪ ᠤᠨ ᠦᠶ᠎ᠡ ᠳᠤ ᠪᠠᠰᠠ ᠬᠥᠯᠥᠨ ᠪᠤᠶᠢᠷ ᠢ ᠰᠠᠬᠢᠨ ᠬᠠᠮᠠᠭᠠᠯᠠᠵᠤ ᠪᠠᠶᠢᠪᠠ᠃ | -- ᠨᠠᠶᠢᠷᠠᠯᠲᠤ ᠲᠥᠪ ᠤᠨ ᠠᠷᠪᠠᠨ ᠬᠤᠶᠠᠳᠤᠭᠠᠷ ᠣᠨ ︵1734 ᠣᠨ︶ ᠳᠤ᠂ ᠴᠢᠩ ᠤᠨ ᠲᠦᠷᠥ ᠬᠠᠯᠬ᠎ᠠ ᠮᠣᠩᠭᠤᠯ ᠤᠨ ᠰᠡᠴᠡᠨ ᠬᠠᠨ ᠠᠶᠢᠮᠠᠭ ᠠᠴᠠ | ᠰᠠᠶᠢᠨ ᠳᠤᠷ᠎ᠠ ᠠᠴᠠ ᠪᠠᠨ ᠬᠠᠷᠢᠶᠠᠨ ᠳᠤ ᠣᠷᠣᠬᠤ 2984 ᠪᠠᠷᠭᠤ ᠮᠣᠩᠭᠤᠯ ᠬᠦᠮᠦᠨ ᠢ ᠬᠥᠯᠥᠨ ᠪᠤᠶᠢᠷ ᠲᠤ ᠨᠡᠭᠦᠯᠭᠡᠨ ᠠᠪᠴᠢᠷᠠᠪᠠ᠃ ︽ᠰᠣᠯᠣᠨ ᠤ ᠴᠡᠷᠢᠭ ᠤᠨ | ᠲᠥᠷᠢᠮ︾ ᠢᠶᠠᠷ᠂ 2400 ᠬᠦᠮᠦᠨ ᠢ ᠰᠣᠩᠭᠤᠨ ᠴᠡᠷᠢᠭ ᠪᠣᠯᠭᠠᠵᠤ᠂ 40 ᠰᠣᠮᠣ ᠬᠤᠪᠢᠶᠠᠨ᠂ ᠬᠤᠶᠠᠷ ᠭᠠᠷᠤᠨ ᠨᠠᠢᠮᠠᠨ ᠬᠤᠰᠢᠭᠤ ᠬᠤᠪᠢᠶᠠᠪᠠ᠃ ᠣᠷᠱᠣᠨ | ᠭᠤᠣᠯ ᠪᠠ ᠬᠥᠯᠥᠨ ᠨᠠᠭᠤᠷ ᠤᠨ ᠬᠤᠶᠠᠷ ᠡᠷᠭᠢ ᠳᠠᠭᠠᠤ ᠨᠡᠭᠦᠳᠡᠯᠯᠡᠨ ᠮᠠᠯᠵᠢᠪᠠ᠃ ᠨᠣᠶᠠᠳ ᠲᠦᠰᠢᠮᠡᠳ ᠨᠢ ᠵᠢᠯ ᠪᠦᠷᠢ ᠬᠠᠭᠠᠰ ᠹᠦᠩᠯᠦ ᠥᠭᠴᠦ᠂ ᠰᠠᠷ᠎ᠠ ᠪᠦᠷᠢ | ᠬᠤᠶᠠᠷ ᠯᠠᠩ ᠴᠠᠯᠢᠩ ᠠᠮᠤ ᠥᠭᠴᠦ᠂ ᠴᠡᠷᠢᠭ ᠬᠠᠷ᠎ᠠ ᠳᠤ ᠨᠢᠭᠡ ᠯᠠᠩ ᠴᠠᠯᠢᠩ ᠠᠮᠤ ᠥᠭᠳᠡᠭ ᠪᠠᠶᠢᠵᠠᠶ᠃ | -- ᠴᠢᠩ ᠤᠨ ᠲᠦᠷᠥ ᠠᠴᠠ ᠬᠥᠯᠦᠨ ᠪᠥᠢᠷ ᠤᠨ ᠪᠠᠷᠠᠭᠤᠨ ᠡᠮᠦᠨ᠎ᠡ ᠪᠠ ᠬᠠᠯᠬ᠎ᠠ ᠶᠢᠨ ᠰᠡᠴᠡᠨ ᠬᠠᠨ ᠤ ᠠᠶᠢᠮᠠᠭ ᠤᠨ ᠠᠭᠤᠯᠵᠠᠷ ᠭᠠᠵᠠᠷ ᠲᠤ 16 ᠬᠠᠷᠠᠭᠤᠯ | ᠪᠠᠶᠢᠭᠤᠯᠪᠠ᠃ 1758 ᠣᠨ ᠳᠤ᠂ ᠴᠢᠩ ᠤᠯᠤᠰ ᠤᠨ ᠵᠠᠰᠠᠭ ᠠᠴᠠ 16 ᠬᠠᠷᠠᠭᠤᠯ ᠢ ᠬᠦᠯᠦᠨ ᠪᠤᠶᠢᠷ ᠤᠨ ᠰᠣᠯᠣᠨ ᠪᠠᠷᠭᠤ ᠴᠡᠷᠢᠭ ᠰᠠᠬᠢᠨ ᠬᠠᠮᠠᠭᠠᠯᠠᠬᠤ ᠶᠢᠨ | ᠬᠠᠮᠲᠤ᠂ ᠲᠣᠭᠤᠷᠢᠨ ᠪᠠᠶᠢᠴᠠᠭᠠᠬᠤ ᠶᠢ ᠴᠢᠩᠭᠠᠳᠬᠠᠬᠤ ᠪᠠᠷ ᠲᠣᠭᠲᠠᠭᠠᠪᠠ᠃ | -- ᠲᠩᠷᠢ ᠲᠡᠳᠬᠦᠭᠴᠢ ᠶᠢᠨ ᠬᠤᠷᠢ ᠶᠢᠰᠦᠳᠦᠭᠡᠷ ᠣᠨ ︵1764 ᠣᠨ︶ ᠤ 2 ᠰᠠᠷ᠎ᠠ ᠶᠢᠨ 27 ᠤ ᠡᠳᠤᠷ᠂ ᠲᠩᠷᠢ ᠲᠡᠳᠬᠦᠭᠴᠢ ᠬᠠᠭᠠᠨ ᠰᠠᠭᠤᠷᠢᠨ ᠳᠤ | ᠳᠡᠳ᠋ ᠠᠮᠪᠠᠨ ᠤ ᠴᠣᠯᠠ ᠪᠠᠷ ᠬᠥᠯᠥᠨ ᠪᠤᠶᠢᠷ ᠤᠨ ᠵᠡᠭᠦᠨ ᠭᠠᠷᠤᠨ ᠶᠡᠷᠦᠩᠬᠡᠶᠢᠯᠡᠨ ᠵᠠᠬᠢᠷᠬᠤ ᠰᠠᠶᠢᠳ ᠤᠨ ᠲᠤᠰᠢᠶᠠᠯ ᠢ ᠨᠥᠬᠦᠵᠦ ᠬᠥᠯᠥᠨ ᠪᠤᠶᠢᠷ ᠤᠨ ᠵᠡᠭᠦᠨ ᠭᠠᠷᠤᠨ | ᠶᠡᠷᠦᠩᠬᠡᠶᠢᠯᠡᠨ ᠵᠠᠬᠢᠷᠤᠭᠴᠢ ᠶᠢᠨ ᠲᠤᠰᠢᠶᠠᠯ ᠢ ᠬᠠᠷᠢᠭᠤᠴᠠᠭᠤᠯᠤᠭᠰᠠᠨ ᠢᠶᠠᠷ᠄ ︽ᠬᠥᠯᠥᠨ ᠪᠤᠶᠢᠷ ᠤᠨ ᠭᠠᠵᠠᠷ ᠨᠤᠲᠤᠭ᠂ ᠣᠷᠣᠰ ᠲᠠᠢ ᠬᠢᠯᠢ ᠨᠡᠶᠢᠯᠡᠵᠦ᠂ ᠮᠠᠰᠢ ᠶᠡᠭᠡ | ᠬᠠᠷᠢᠴᠠᠭ᠎ᠠ ᠲᠠᠢ᠂ ᠯᠠᠪᠲᠠᠶ ᠬᠠᠨ ᠤᠯᠤᠰ ᠤᠨ ᠰᠠᠶᠢᠨ ᠵᠠᠩᠰᠢᠯ ᠢ ᠣᠯᠵᠤ᠂ ᠬᠡᠷᠡᠭ ᠶᠠᠪᠤᠳᠠᠯ ᠢ ᠮᠡᠳᠡᠬᠦ ᠬᠥᠮᠦᠨ ᠣᠷᠣᠨ ᠨᠤᠲᠤᠭ ᠲᠤ ᠠᠰᠢᠭᠲᠠᠶ ᠭᠡᠪᠡ᠃ | -- ᠳᠡᠭᠷᠢ ᠳᠡᠳᠬᠦᠭᠴᠢ ᠶᠢᠨ ᠳᠦᠴᠢ ᠶᠢᠰᠤᠳᠤᠬᠡᠷ ᠤᠨ ︵1784 ᠤᠨ︶ ᠤ 8 ᠰᠠᠷ᠎ᠠ ᠶᠢᠨ 30 ᠤ ᠡᠳᠦᠷ᠂ ᠳᠡᠭᠷᠢ ᠳᠡᠳᠬᠦᠭᠴᠢ ᠬᠠᠭᠠᠨ ᠤ ᠵᠠᠷᠯᠢᠭ ᠢᠶᠠᠷ | ᠬᠦᠯᠦᠨ ᠪᠤᠶᠢᠷ ᠤᠨ ᠰᠢᠨ᠎ᠡ ᠪᠠᠷᠭᠤ ᠳᠤ ᠱᠧᠦ ᠨᠢᠩ ᠰᠧ ᠰᠦᠮ᠎ᠠ ᠶᠢ ᠪᠠᠶᠢᠭᠤᠯᠪᠠ᠂ ᠳᠠᠷᠤᠢ ᠭᠠᠨᠵᠤᠤᠷ ᠰᠦᠮ᠎ᠠ ᠪᠤᠯᠤᠨ᠎ᠠ᠃ | -- 1917 ᠣᠨ ᠳᠤ᠂ ᠰᠢᠨ᠎ᠡ ᠪᠠᠷᠭᠤ ᠵᠡᠭᠦᠨ ᠭᠠᠷᠤᠨ ᠵᠠᠭᠤ ᠭᠠᠷᠤᠢ ᠡᠷᠦᠬᠡ ᠮᠠᠯᠴᠢᠳ ᠠᠷᠤ ᠮᠣᠩᠭᠤᠯ ᠳᠤ ᠨᠡᠭᠦᠵᠦ ᠣᠴᠢᠪᠠ᠃ | -- 1922 ᠣᠨ ᠳᠤ᠂ ᠰᠢᠨ᠎ᠡ ᠪᠠᠷᠭᠤ ᠶᠢᠨ ᠭᠠᠵᠠᠷ ᠣᠷᠣᠨ ᠳᠤ ᠤᠯᠠᠷᠢᠯ ᠤᠨ ᠴᠢᠨᠠᠷᠲᠠᠢ ᠨᠡᠭᠦᠳᠡᠯ ᠮᠠᠯᠵᠢᠯ ᠤᠨ ᠰᠤᠷᠭᠠᠭᠤᠯᠢ ᠶᠢ ᠡᠬᠢᠯᠡᠨ ᠪᠠᠶᠢᠭᠤᠯᠪᠠ᠃ | -- 1926 ᠣᠨ ᠳᠤ᠂ ᠰᠢᠨ᠎ᠡ ᠪᠠᠷᠭᠤ ᠵᠡᠭᠦᠨ ᠭᠠᠷᠤᠨ ᠪᠠ ᠪᠠᠷᠠᠭᠤᠨ ᠭᠠᠷᠤᠨ ᠵᠡᠷᠭᠡ ᠭᠠᠵᠠᠷ ᠤᠨ 40 ᠭᠠᠷᠤᠢ ᠡᠯ᠎ᠡ ᠮᠣᠩᠭᠤᠯ ᠦᠨᠳᠦᠰᠦᠲᠡᠨ᠂ ᠳᠠᠭᠤᠷ | ᠦᠨᠳᠦᠰᠦᠲᠡᠨ᠂ ᠡᠸᠡᠩᠬᠢ ᠦᠨᠳᠦᠰᠦᠲᠡᠨ ᠤ ᠵᠠᠯᠠᠭᠤᠴᠤᠳ ᠤᠷᠢᠳ ᠬᠤᠵᠢᠳ ᠵᠥᠪᠯᠡᠯᠲᠦ ᠬᠤᠯᠪᠣᠭᠠᠲᠤ ᠤᠯᠤᠰ᠂ ᠮᠣᠩᠭᠤᠯ ᠤᠯᠤᠰ ᠲᠤ ᠬᠦᠷᠴᠦ | ᠬᠤᠪᠢᠰᠬᠠᠯ ᠤᠨ ᠣᠨᠣᠯ ᠰᠤᠷᠤᠯᠴᠠᠵᠤ᠂ ᠬᠤᠪᠢᠰᠬᠠᠯ ᠤᠨ ᠬᠥᠮᠦᠵᠢᠯ ᠬᠦᠷᠲᠡᠪᠡ᠃ | -- 1928 ᠣᠨ ᠳᠤ᠂ ᠪᠠᠰᠠ ᠵᠠᠭᠤ ᠭᠠᠷᠤᠢ ᠡᠷᠦᠬᠡ ᠰᠢᠨ᠎ᠡ ᠪᠠᠷᠭᠤ ᠶᠢᠨ ᠮᠠᠯᠴᠢᠳ ᠬᠢᠯᠢ ᠳᠠᠪᠠᠵᠤ ᠠᠷᠤ ᠮᠣᠩᠭᠤᠯ ᠳᠤ ᠣᠴᠢᠪᠠ᠃ | -- 1932 ᠤᠨ ᠤ 6 ᠰᠠᠷ᠎ᠠ ᠶᠢᠨ 27 ᠤ ᠡᠳᠤᠷ᠂ ᠰᠢᠨ᠎ᠡ ᠪᠠᠷᠭᠤ ᠵᠡᠭᠦᠨ ᠭᠠᠷᠤᠨ ᠳᠦᠷᠪᠡᠨ ᠬᠤᠰᠢᠭᠤ ᠪᠠ ᠪᠠᠷᠠᠭᠤᠨ ᠭᠠᠷᠤᠨ ᠳᠦᠷᠪᠡᠨ ᠬᠤᠰᠢᠭᠤ ᠶᠢ | ᠰᠢᠨ᠎ᠡ ᠪᠠᠷᠭᠤ ᠵᠡᠭᠦᠨ ᠭᠠᠷᠤᠨ ᠬᠤᠰᠢᠭᠤ ᠪᠠ ᠪᠠᠷᠠᠭᠤᠨ ᠭᠠᠷᠤᠨ ᠬᠤᠰᠢᠭᠤ ᠭᠡᠵᠦ ᠦᠭᠡᠷᠡᠴᠢᠯᠡᠪᠡ᠃ -- 1937 ᠤᠨ ᠳᠤ᠂ ᠰᠢᠨ᠎ᠡ ᠪᠠᠷᠭᠤ ᠪᠠᠷᠠᠭᠤᠨ ᠭᠠᠷᠤᠨ | ᠬᠤᠰᠢᠭᠤ ᠰᠤᠮᠤᠨ ᠤ ᠪᠠᠶᠢᠭᠤᠯᠤᠭᠰᠠᠨ ᠪᠠᠭ᠎ᠠ ᠰᠤᠷᠭᠠᠭᠤᠯᠢ ᠶᠢ ᠪᠦᠬᠦᠨ ᠢ ᠬᠤᠰᠢᠭᠤᠨ ᠤ ᠪᠠᠶᠢᠭ᠎ᠠ ᠰᠤᠷᠭᠠᠭᠤᠯᠢ ᠲᠠᠢ ᠨᠡᠶᠢᠯᠡᠬᠦᠯᠬᠦ ᠶᠢᠨ ᠬᠠᠮᠳᠤ ᠰᠢᠯᠢᠳᠡᠭ ᠠᠩᠬᠢ | ᠲᠣᠬᠢᠷᠠᠭᠤᠯᠵᠤ᠂ ᠪᠦᠬᠦ ᠬᠤᠰᠢᠭᠤᠨ ᠳᠤ ᠵᠦᠪᠬᠡᠨ ᠨᠢᠬᠡ ᠯᠡ ᠰᠤᠷᠭᠠᠭᠤᠯᠢ ᠲᠠᠢ ᠪᠣᠯᠪᠠ᠃ | -- 1939 ᠣᠨ ᠤ 5 ᠰᠠᠷ᠎ᠠ ᠶᠢᠨ 4 ᠤ ᠡᠳᠦᠷ᠂ ᠬᠥᠯᠥᠨ ᠪᠤᠶᠢᠷ ᠤᠨ ᠪᠠᠷᠠᠭᠤᠨ ᠡᠮᠦᠨᠡᠳᠡᠬᠢ ᠬᠢᠵᠠᠭᠠᠷ ᠤᠨ ᠨᠣᠮᠤᠨ ᠬᠠᠨ ᠳᠤ ᠶᠠᠫᠤᠨᠴᠤᠳ ︽ᠮᠠᠨᠵᠤ | ᠤᠯᠤᠰ ᠢᠶᠠᠷ ᠨᠢᠭᠡ ᠲᠠᠯ᠎ᠠ᠂ ᠮᠣᠩᠭᠤᠯ᠂ ᠵᠥᠪᠯᠡᠯᠲᠦ ᠬᠤᠯᠪᠣᠭᠠᠲᠤ ᠤᠯᠤᠰ ᠢᠶᠠᠷ ᠨᠦᠭᠦᠭᠡ ᠲᠠᠯ᠎ᠠ ᠪᠣᠯᠭᠠᠭᠰᠠᠨ ᠶᠡᠭᠡ ᠬᠡᠪᠴᠢᠶᠡᠨ ᠤ ᠴᠡᠷᠢᠭ ᠤᠨ ᠶᠠᠪᠤᠳᠠᠯ ᠤᠨ | ᠮᠥᠷᠭᠦᠯᠳᠦᠭᠡᠨ ᠡᠭᠦᠰᠴᠡᠢ᠂ ᠳᠠᠷᠤᠢ ᠨᠣᠮᠣᠨ ᠬᠠᠨ ᠤ ᠬᠡᠷᠡᠭ ᠶᠠᠪᠤᠳᠠᠯ ᠪᠣᠯᠣᠨ᠎ᠠ᠃ | -- 9 ᠰᠠᠷ᠎ᠠ ᠶᠢᠨ 5 ᠤ ᠡᠳᠦᠷ᠂ ᠶᠠᠫᠣᠨ ᠤ ᠮᠠᠨᠵᠤ ᠤᠯᠤᠰ ᠠᠷᠭ᠎ᠠ ᠪᠤᠰᠤ ᠳᠠᠶᠢᠨ ᠵᠣᠭᠰᠣᠵᠤ ᠡᠶ᠎ᠡ ᠨᠠᠢᠷᠠᠮᠳᠠᠭᠤ ᠪᠣᠯᠪᠠ᠃ | -- 1948 ᠤᠨ ᠤ 9 ᠰᠠᠷ᠎ᠠ ᠶᠢᠨ 3-8 ᠤ ᠡᠳᠤᠷ᠂ ᠠᠩᠬᠠᠳᠤᠭᠠᠷ ᠬᠤᠭᠤᠴᠠᠭᠠᠨ ᠤ ᠬᠦᠯᠦᠨ ᠪᠤᠶᠢᠷ ᠠᠶᠢᠮᠠᠭ ᠤᠨ ᠨᠠᠭᠠᠳᠤᠮ ᠤᠨ ᠬᠤᠷᠠᠯ ᠰᠢᠨ᠎ᠡ ᠪᠠᠷᠭᠤ | ᠵᠡᠬᠦᠨ ᠭᠠᠷᠤᠨ ᠬᠤᠰᠢᠭᠤᠨ ᠤ ᠭᠠᠨᠵᠤᠤᠷ ᠰᠦᠮ᠎ᠠ ᠳᠤ ᠬᠤᠷᠠᠯᠳᠤᠵᠤ᠂ ᠭᠠᠨᠵᠤᠤᠷ ᠰᠦᠮ᠎ᠠ ᠶᠢᠨ ᠬᠤᠷᠠᠯ ᠢ ᠨᠠᠭᠠᠳᠤᠮ ᠤᠨ ᠶᠡᠭᠡ ᠬᠤᠷᠠᠯ ᠪᠤᠯᠭᠠᠨ ᠦᠭᠡᠷᠡᠴᠢᠯᠡᠪᠡ᠃ | -- 1953 ᠣᠨ ᠤ 2 ᠰᠠᠷ᠎ᠠ ᠳᠤ᠂ ᠬᠥᠬᠡᠨᠠᠭᠤᠷ ᠮᠤᠵᠢ ᠶᠢᠨ ᠴᠥᠭᠡᠨ ᠲᠣᠭᠠᠲᠤ ᠦᠨᠳᠦᠰᠦᠲᠡᠨ ᠤ ᠲᠣᠭᠤᠷᠢᠨ ᠦᠵᠡᠬᠦ ᠪᠦᠯᠬᠦᠮ ᠰᠢᠨ᠎ᠡ ᠪᠠᠷᠭᠤ ᠵᠡᠭᠦᠨ | ᠭᠠᠷᠤᠨ ᠬᠤᠰᠢᠭᠤ ᠪᠠ ᠪᠠᠷᠠᠭᠤᠨ ᠭᠠᠷᠤᠨ ᠬᠤᠰᠢᠭᠤᠨ ᠳᠤ ᠬᠦᠷᠴᠦ᠂ ᠭᠠᠨᠵᠤᠤᠷ ᠰᠦᠮ᠎ᠡ᠂ ᠷᠠᠰᠢᠶᠠᠨ ᠤ ᠪᠦᠷᠢᠨ ᠪᠠᠭ᠎ᠠ ᠰᠤᠷᠭᠠᠭᠤᠯᠢ ᠪᠠ ᠲᠠᠷᠭᠤᠨᠠᠠᠭᠤᠷ | ᠰᠤᠮᠤ ᠶᠢᠨ ᠬᠡᠳᠦᠨ ᠭᠠᠴᠠᠭ᠎ᠠ ᠳᠤ ᠬᠦᠷᠴᠦ᠂ ᠮᠠᠯᠵᠢᠬᠤ ᠣᠷᠣᠨ ᠳᠠᠬᠢ ᠨᠠᠮ ᠤᠨ ᠦᠨᠳᠦᠰᠦᠲᠡᠨ ᠤ ᠥᠭᠡᠷᠡᠴᠢᠯᠡᠯᠲᠡ ᠶᠢᠨ ᠲᠦᠷᠦ ᠶᠢᠨ ᠪᠤᠳᠤᠯᠭ᠎ᠠ ᠶᠢ | ᠬᠡᠷᠡᠭᠵᠢᠭᠦᠯᠦᠭᠰᠡᠨ ᠲᠤᠷᠰᠢᠯᠭ᠎ᠠ ᠪᠠ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ ᠣᠶᠢᠯᠠᠭᠠᠪᠠ᠃ | -- 1957 ᠣᠨ ᠳᠤ᠂ ᠬᠥᠯᠥᠨ ᠪᠤᠶᠢᠷ ᠠᠶᠢᠮᠠᠭ ᠪᠠ ᠮᠣᠩᠭᠤᠯ ᠤᠯᠤᠰ ᠤᠨ ᠴᠦᠢᠪᠠᠯᠰᠠᠩ ᠠᠶᠢᠮᠠᠭ ᠤᠨ ᠲᠥᠯᠥᠭᠡᠯᠡᠭᠴᠢᠳ ᠲᠠᠢ ᠬᠡᠯᠡᠯᠴᠡᠭᠡ ᠬᠢᠵᠦ | ᠬᠡᠯᠡᠯᠴᠡᠭᠡᠷ ᠲᠣᠭᠲᠠᠪᠠ᠄ ᠮᠣᠩᠭᠤᠯ ᠤᠯᠤᠰ ᠤᠨ ᠴᠦᠢᠪᠠᠯᠰᠠᠩ ᠠᠶᠢᠮᠠᠭ ᠨᠢ ᠬᠥᠯᠥᠨ ᠪᠤᠶᠢᠷ ᠠᠶᠢᠮᠠᠭ ᠤᠨ ᠮᠠᠯ ᠤᠨᠤᠭ᠎ᠠ ᠶᠢ ᠴᠦᠢᠪᠠᠯᠰᠠᠩ ᠠᠶᠢᠮᠠᠭ ᠤᠨ ᠬᠢᠯᠢ ᠳᠤ | ᠣᠷᠤᠭᠤᠯᠤᠨ ᠡᠪᠦᠯᠵᠢᠵᠦ ᠬᠠᠪᠤᠷᠵᠢᠬᠤ ᠶᠢ ᠵᠥᠪᠰᠢᠶᠡᠷᠡᠵᠦ᠂ ᠨᠡᠶᠢᠲᠡ 42 ᠲᠦᠮᠡᠨ ᠮᠠᠯ ᠣᠨᠤᠭ᠎ᠠ ᠶᠢ ᠣᠷᠤᠭᠤᠯᠬᠤ ᠶᠢᠨ ᠬᠠᠮᠲᠤ᠂ ᠠᠷᠤᠬᠠᠰᠢᠶᠠᠲᠤ ᠶᠢᠨ ᠬᠢᠯᠢ ᠳᠤ | ᠨᠠᠶᠢᠷ ᠨᠠᠭᠠᠳᠤᠮ ᠬᠢᠵᠦ᠂ ᠰᠢᠨ᠎ᠡ ᠪᠠᠷᠭᠤ ᠪᠠᠷᠠᠭᠤᠨ ᠭᠠᠷᠤᠨ ᠬᠤᠰᠢᠭᠤᠨ ᠤ ᠮᠠᠯᠴᠢᠳ ᠮᠣᠩᠭᠤᠯ ᠤᠯᠤᠰ ᠤᠨ ᠮᠠᠯᠴᠢᠳ ᠲᠤ ᠬᠠᠳᠠᠭ ᠪᠠᠷᠢᠪᠠ᠃ | -- 1960 ᠤᠨ ᠤ 7 ᠰᠠᠷ᠎ᠠ ᠶᠢᠨ 14 ᠤ ᠡᠳᠤᠷ᠂ ᠶᠧ ᠵᠢᠶᠠᠨ ᠶᠢᠩ ᠮᠠᠷᠱᠠᠯ ᠬᠦᠯᠦᠨ ᠨᠠᠭᠤᠷ ᠤᠨ ︽ᠤᠯᠠᠭᠠᠨᠨᠠᠭᠤᠷ︾ ᠢ ᠲᠣᠭᠤᠷᠢᠨ ᠦᠵᠡᠵᠦ᠂ ᠦᠪᠦᠷ | ᠮᠤᠩᠭᠤᠯ ᠤᠨ ᠴᠡᠷᠢᠭ ᠤᠨ ᠲᠤᠭᠤᠷᠢᠭ ᠤᠨ ᠺᠤᠮᠠᠨᠳ᠋ᠯᠠᠭᠴᠢ ᠸᠠᠩ ᠮᠢᠩ ᠬᠦᠢ᠂ ᠬᠦᠯᠦᠨ ᠪᠤᠶᠢᠷ ᠠᠶᠢᠮᠠᠭ ᠤᠨ ᠴᠡᠷᠢᠭ ᠤᠨ ᠬᠤᠪᠢᠶᠠᠷᠢ ᠲᠤᠭᠤᠷᠢᠭ ᠤᠨ ᠺᠤᠮᠠᠨᠳ᠋ᠯᠠᠭᠴᠢ | ᠸᠠᠩ ᠬᠠᠢ ᠱᠠᠨ᠂ ᠬᠦᠯᠦᠨ ᠪᠤᠶᠢᠷ ᠠᠶᠢᠮᠠᠭ ᠤᠨ ᠳᠠᠷᠤᠭ᠎ᠠ ᠵᠢᠷᠭᠠᠯ ᠵᠡᠷᠭᠡ ᠤᠳᠤᠷᠢᠳᠤᠯᠭ᠎ᠠ ᠪᠠᠷ᠎ᠠ ᠪᠣᠯᠵᠤ ᠢᠷᠡᠪᠡ᠃ | -- 1961 ᠣᠨ ᠤ 8 ᠰᠠᠷ᠎ᠠ ᠳᠤ᠂ ᠪᠦᠬᠦ ᠤᠯᠤᠰ ᠤᠨ ᠨᠡᠷᠡᠲᠦ ᠵᠣᠬᠢᠶᠠᠯᠴᠢ᠂ ᠤᠷᠠᠯᠢᠭᠴᠢᠳ ᠤᠨ ᠲᠥᠯᠥᠭᠡᠯᠡᠭᠴᠢᠳ ᠤᠨ ᠪᠦᠯᠬᠦᠮ ᠤᠨ ᠭᠡᠰᠢᠭᠦᠨ ᠶᠧ | ᠱᠧᠩ ᠲᠤᠤ᠂ ᠯᠣᠤ ᠱᠧ᠂ ᠼᠤᠤ ᠢᠦᠢ᠂ ᠯᠢᠶᠠᠩ ᠰᠧ ᠴᠧᠩ᠂ ᠡᠦ ᠽᠦ ᠰᠢᠶᠠᠩ᠂ ᠯᠢᠨ ᠹᠧᠩ ᠮᠢᠶᠠᠨ᠂ ᠰᠢᠶᠧ ᡁᠢ ᠯᠢᠦ ᠵᠡᠷᠭᠡ ᠬᠦᠮᠦᠰ ᠤᠯᠠᠭᠠᠨᠬᠦᠦ ᠶᠢᠨ | ᠤᠷᠢᠯᠭ᠎ᠠ ᠪᠠᠷ᠂ ᠰᠣᠶᠣᠯ ᠤᠨ ᠶᠠᠮᠤᠨ ᠤ ᠳᠡᠳ᠋ ᠳᠠᠷᠤᠭ᠎ᠠ᠂ ᠦᠨᠳᠦᠰᠦᠲᠡᠨ ᠤ ᠰᠣᠶᠣᠯ ᠤᠨ ᠠᠵᠢᠯ ᠤᠨ ᠵᠢᠯᠣᠭᠤᠳᠬᠤ ᠺᠤᠮᠢᠰ ᠤᠨ ᠳᠡᠳ᠋ ᠡᠷᠬᠢᠯᠡᠭᠴᠢ ᠰᠢᠦᠢ ᠫᠢᠩ | ᠢᠦᠢ ᠶᠢᠨ ᠳᠠᠭᠠᠭᠤᠯᠭ᠎ᠠ ᠪᠠᠷ᠂ ᠪᠦᠬᠡ ᠶᠢᠨ ᠪᠠᠷ᠎ᠠ ᠪᠣᠯᠣᠯᠭ᠎ᠠ ᠲᠠᠢ ᠪᠠᠷ ᠬᠦᠯᠦᠨ ᠨᠠᠭᠤᠷ ᠲᠤ ᠬᠦᠷᠴᠦ ᠲᠣᠭᠤᠷᠢᠨ ᠦᠵᠡᠪᠡ᠃ | -- 1961 ᠣᠨ ᠤ 9 ᠰᠠᠷ᠎ᠠ ᠳᠤ᠂ ᠪᠦᠬᠦ ᠤᠯᠤᠰ ᠤᠨ ᠠᠯᠳᠠᠷᠲᠤ ᠲᠡᠦᠬᠡ ᠶᠢᠨ ᠤᠬᠠᠭᠠᠨᠲᠠᠨ ᠵᠢᠶᠠᠨ ᠪᠦᠸᠧ ᠽᠠᠨ᠂ ᠸᠧᠩ ᠳ᠋ᠦ᠋ ᠵᠢᠶᠠᠨ᠂ ᠬᠠᠨ ᠿᠤ᠋ ᠯᠢᠨ᠂ | ᠰᠢᠶᠠ ᠺᠠᠩ ᠨᠦᠩ᠂ ᠸᠠᠩ ᠶᠧ ᠴᠢᠦ᠂ ᠶᠢᠨ ᠼᠠᠨ ᠿᠠᠨ᠂ ᠰᠢᠶᠦ᠋ᠩ ᠳ᠋ᠧ ᠵᠢᠢ ᠵᠢᠴᠢ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠳᠡᠳ᠋ | ᠡᠷᠬᠢᠯᠡᠭᠴᠢ ᠰᠢᠤᠸᠠᠢ ᠰᠢᠶᠠᠩ ᠴᠧᠨ ᠨᠠᠷ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠥᠪᠥᠷ ᠮᠣᠩᠭᠤᠯ ᠤᠨ ᠬᠤᠪᠢᠶᠠᠷᠢ ᠬᠦᠷᠢᠶᠡᠯᠡᠩ ᠤᠨ | ᠳᠠᠷᠤᠭ᠎ᠠ ᠴᠢᠦ ᠫᠦᠸᠧ ᠶᠢᠨ ᠪᠠᠷ᠎ᠠ ᠪᠣᠯᠣᠯᠭ᠎ᠠ ᠲᠠᠢ ᠪᠠᠷ ᠬᠥᠯᠥᠨ ᠨᠠᠭᠤᠷ ᠲᠤ ᠬᠦᠷᠴᠦ ᠲᠣᠭᠤᠷᠢᠨ ᠦᠵᠡᠪᠡ᠃ | -- 1962 ᠣᠨ ᠤ 7 ᠰᠠᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠱᠦᠵᠢ᠂ ᠵᠠᠰᠠᠭ ᠤᠨ ᠣᠷᠳᠣᠨ ᠤ | ᠲᠡᠷᠢᠭᠦᠯᠡᠭᠴᠢ ᠤᠯᠠᠭᠠᠨᠬᠦᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠤᠯᠤᠰ ᠲᠥᠷᠥ ᠶᠢᠨ ᠲᠣᠪᠴᠢᠶᠠᠨ ᠤ ᠭᠡᠰᠢᠭᠦᠨ᠂ ᠤᠮᠠᠷᠠᠲᠤ | ᠣᠷᠣᠨ ᠤ ᠲᠣᠪᠴᠢᠶ᠎ᠠ ᠶᠢᠨ ᠨᠢᠭᠡᠳᠦᠭᠡᠷ ᠱᠦᠵᠢ ᠯᠢ ᠰᠢᠤᠸᠠᠢ ᠹᠧᠩ ᠳᠤ ᠪᠠᠷ᠎ᠠ ᠪᠣᠯᠣᠯᠴᠠᠨ ᠬᠥᠯᠥᠨ ᠨᠠᠭᠤᠷ ᠲᠤ ᠬᠦᠷᠴᠦ ᠲᠣᠭᠤᠷᠢᠨ ᠦᠵᠡᠪᠡ᠃ | -- 1983 ᠤᠨ ᠤ 9 ᠰᠠᠷ᠎ᠠ ᠳᠤ᠂ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠲᠡᠳ᠋ ᠶᠡᠷᠦᠩᠭᠡᠢ ᠰᠠᠶᠢᠳ ᠯᠢ ᠫᠧᠩ ᠦᠪᠤᠷ ᠮᠤᠩᠭᠤᠯ ᠤᠨ ᠦᠪᠡᠷᠳᠡᠭᠡᠨ | ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠲᠡᠳ᠋ ᠱᠦᠵᠢ ᠴᠢᠶᠠᠨ ᠹᠧᠨ ᠶᠦᠩ᠂ ᠤᠯᠤᠰ ᠤᠨ ᠠᠵᠤ ᠠᠬᠤᠢ ᠶᠢᠨ ᠵᠦᠪᠯᠡᠯ ᠤᠨ ᠲᠡᠳ᠋ ᠡᠷᠬᠢᠯᠡᠭᠴᠢ ᠵᠤᠤ ᠸᠧᠢ | ᠴᠧᠨ᠂ ᠨᠡᠬᠦᠷᠡᠰᠤᠨ ᠤ ᠠᠵᠤ ᠦᠢᠯᠡᠳᠪᠤᠷᠢ ᠶᠢᠨ ᠶᠠᠮᠤᠨ ᠤ ᠰᠠᠶᠢᠳ ᠭᠤᠤ ᠶᠠᠩ ᠸᠧᠨ ᠨᠠᠷ ᠤᠨ ᠪᠠᠷ᠎ᠠ ᠪᠤᠯᠤᠯᠭ᠎ᠠ ᠲᠠᠢ ᠪᠠᠷ ᠬᠦᠯᠦᠨ ᠨᠠᠭᠤᠷ ᠢ ᠰᠢᠨᠵᠢᠯᠡᠨ | ᠪᠠᠶᠢᠴᠠᠭᠠᠬᠤ ᠶᠢᠨ ᠬᠠᠮᠲᠤ᠂ ᠬᠦᠯᠦᠨ ᠨᠠᠭᠤᠷ ᠤᠨ ᠡᠬᠢ ᠪᠠᠶᠠᠯᠢᠭ ᠵᠢᠴᠢ ᠪᠤᠬᠢᠷᠳᠤᠯ ᠤᠨ ᠪᠠᠶᠢᠳᠠᠯ ᠢ ᠠᠰᠠᠭᠤᠭᠰᠠᠨ ᠤ ᠲᠠᠷᠠᠭ᠎ᠠ᠄ ︽ᠬᠦᠯᠦᠨ ᠨᠠᠭᠤᠷ ᠢ ᠰᠠᠶᠢᠳᠤᠷ | ᠬᠠᠮᠠᠭᠠᠯᠠᠵᠤ᠂ ᠪᠤᠬᠢᠷᠳᠦᠯ ᠢ ᠰᠡᠷᠬᠡᠶᠢᠯᠡᠬᠦ︾ ᠬᠡᠷᠡᠭᠳᠡᠢ ᠭᠡᠵᠦ ᠵᠢᠭᠠᠵᠤ ᠭᠠᠷᠭᠠᠪᠠ᠃ | -- 1985 ᠣᠨ ᠤ 12 ᠰᠠᠷ᠎ᠠ ᠶᠢᠨ 25 ᠤ ᠡᠳᠦᠷ᠂ ᠤᠯᠤᠰ ᠤᠨ ᠳᠡᠳ᠋ ᠲᠡᠷᠢᠭᠦᠯᠡᠭᠴᠢ ᠤᠯᠠᠭᠠᠨᠬᠦᠦ ᠪᠤᠶᠢᠷ ᠤᠨ ᠵᠢᠩᠭᠡ ᠲᠠᠢ ᠠᠭᠤᠯᠵᠠᠪᠠ᠃ | -- 1988 ᠤᠨ ᠤ 6 ᠰᠠᠷ᠎ᠠ ᠶᠢᠨ 27 - 28 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠳᠡᠳ᠋ | ᠲᠡᠷᠢᠭᠦᠯᠡᠭᠴᠢ ᠪᠥᠭᠡ ᠰᠢᠨ᠎ᠡ ᠪᠠᠷᠭᠤ ᠪᠠᠷᠠᠭᠤᠨ ᠬᠤᠰᠢᠭᠤᠨ ᠳᠤ ᠢᠷᠡᠵᠦ ᠠᠵᠢᠯ ᠪᠠᠶᠢᠴᠠᠭᠠᠨ᠂ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠳᠤ ᠦᠭᠡ | ᠪᠢᠴᠢᠪᠡ᠃ | -- 1996 ᠣᠨ ᠤ 7 ᠰᠠᠷ᠎ᠠ ᠶᠢᠨ 27- 28 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠱᠦᠵᠢ ᠯᠢᠦ | ᠮᠢᠩ ᠽᠦ ᠰᠢᠨ᠎ᠡ ᠪᠠᠷᠭᠤ ᠪᠠᠷᠠᠭᠤᠨ ᠬᠤᠰᠢᠭᠤᠨ ᠳᠤ ᠢᠷᠡᠵᠦ ᠠᠵᠢᠯ ᠪᠠᠶᠢᠴᠠᠭᠠᠪᠠ᠃ | -- 1989 ᠤᠨ ᠤ 7 ᠰᠠᠷ᠎ᠠ ᠶᠢᠨ 2 ᠤᠨ ᠡᠳᠤᠷ᠂ ᠵᠤᠤ ᠤᠳᠠ ᠠᠶᠢᠮᠠᠭ ᠤᠨ ᠳᠠᠷᠤᠭ᠎ᠠ ᠮᠤᠩᠭᠤᠯ ᠤᠯᠤᠰ ᠤᠨ ᠵᠤᠴᠢᠳ ᠲᠤ ᠪᠠᠷ᠎ᠠ ᠪᠤᠯᠵᠤ ᠰᠢᠨ᠎ᠡ ᠪᠠᠷᠭᠤ | ᠪᠠᠷᠠᠭᠤᠨ ᠬᠤᠰᠢᠭᠤᠨ ᠳᠤ ᠢᠷᠡᠵᠦ ᠠᠵᠢᠯ ᠪᠠᠶᠢᠴᠠᠭᠠᠪᠠ᠃ | -- 1992 ᠣᠨ ᠤ 6 ᠰᠠᠷ᠎ᠠ ᠶᠢᠨ 24 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ | ᠯᠢᠨ ᠰᠢᠩ ᠰᠠᠨ ᠠᠷᠤᠬᠠᠰᠢᠶᠠᠲᠤ ᠬᠢᠯᠢ ᠶᠢᠨ ᠪᠣᠭᠤᠮᠲᠠ ᠶᠢᠨ ᠳᠣᠤᠵᠠ ᠬᠠᠶᠢᠴᠢᠯᠠᠬᠤ ᠶᠣᠰᠣᠯᠠᠯ ᠳᠤ ᠣᠷᠣᠯᠴᠠᠪᠠ᠃ | -- 2001 ᠣᠨ ᠤ 2 ᠰᠠᠷ᠎ᠠ ᠳᠤ᠂ ᠳᠤᠮᠳᠠᠳᠤ ᠶᠢᠨ ᠪᠤᠶᠠᠨ ᠤ ᠦᠢᠯᠡᠰ ᠤᠨ ᠶᠡᠷᠦᠩᠬᠡᠢ ᠡᠪᠯᠡᠯ ᠤᠨ ᠬᠢᠨ ᠰᠢᠨ᠎ᠡ ᠪᠠᠷᠭᠤ ᠪᠠᠷᠠᠭᠤᠨ ᠬᠤᠰᠢᠭᠤᠨ ᠳᠤ 80 | ᠲᠦᠮᠡᠨ ᠲᠥᠭᠦᠷᠢᠭ ᠤᠨ ᠭᠠᠮᠰᠢᠭ ᠠᠴᠠ ᠠᠪᠤᠷᠠᠬᠤ ᠵᠣᠭᠤᠰ ᠮᠥᠩᠭᠦ ᠬᠠᠨᠳᠢᠪᠯᠠᠪᠠ᠃ | -- 2002 ᠣᠨ ᠤ 8 ᠰᠠᠷ᠎ᠠ ᠶᠢᠨ 20 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠱᠦᠵᠢ ᠴᠦ ᠪᠦᠸᠧ | ᠰᠢᠨ᠎ᠡ ᠪᠠᠷᠭᠤ ᠪᠠᠷᠠᠭᠤᠨ ᠬᠤᠰᠢᠭᠤᠨ ᠳᠤ ᠢᠷᠡᠵᠦ ᠠᠵᠢᠯ ᠪᠠᠶᠢᠴᠠᠭᠠᠪᠠ᠃ | -- 2002 ᠣᠨ ᠤ 7 ᠰᠠᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠳᠡᠳ᠋ ᠱᠦᠵᠢ ᠶᠤᠸᠠᠢ ᠹᠦ᠋ ᠬᠤᠩ | ᠰᠢᠨ᠎ᠡ ᠪᠠᠷᠭᠤ ᠪᠠᠷᠠᠭᠤᠨ ᠬᠤᠰᠢᠭᠤᠨ ᠳᠤ ᠢᠷᠡᠵᠦ ᠠᠵᠢᠯ ᠪᠠᠶᠢᠴᠠᠭᠠᠪᠠ᠃ | -- 2003 ᠣᠨ ᠤ 1 ᠰᠠᠷ᠎ᠠ ᠳᠤ᠂ ᠠᠦ᠋ᠰᠳ᠋ᠷᠠᠯᠢᠶ᠎ᠠ ᠶᠢᠨ ᠳᠤᠮᠳᠠᠳᠤ ᠶᠢᠨ ᠬᠠᠷᠢᠶᠠᠲᠤ ᠯᠦᠩ ᠹᠧᠩ ᠰᠢᠶᠠᠩ ᠠᠪᠠᠭ᠋ᠠᠢ᠂ ᠰᠢᠶᠠᠩᠭᠠᠩ ᠤᠨ ᡁᠢ ᠶᠣᠣ ᠨᠣᠮᠴᠢ | ᠯᠢ ᠪᠢ ᠹᠧᠨ ᠠᠪᠠᠭ᠋ᠠᠢ ᠰᠢᠶᠠᠩᠭᠠᠩ ᠤᠨ ᠠᠬ᠎ᠠ ᠳᠡᠭᠦᠦ ᠨᠠᠷ᠂ ᠬᠠᠷᠢᠶᠠᠲᠤ ᠠᠬ᠎ᠠ ᠳᠡᠭᠦᠦ ᠨᠠᠷ ᠢ ᠲᠥᠯᠥᠭᠡᠯᠡᠨ ᠰᠢᠨ᠎ᠡ ᠪᠠᠷᠭᠤ ᠪᠠᠷᠠᠭᠤᠨ ᠬᠤᠰᠢᠭᠤᠨ ᠳᠤ 20 | ᠲᠦᠮᠡᠨ ᠲᠥᠭᠦᠷᠢᠭ ᠤᠨ ᠭᠠᠮᠰᠢᠭ ᠠᠴᠠ ᠠᠪᠤᠷᠠᠬᠤ ᠵᠣᠭᠤᠰ ᠮᠥᠩᠭᠦ ᠬᠠᠨᠳᠢᠪᠯᠠᠪᠠ᠃ | |